ᠠᠶᠢᠰᠣᠢ ᠴᠠᠭ ᠤᠨ ᠠᠶᠠᠯᠭᠤᠨ
ᠨᠡᠶᠢᠲᠡᠯᠡᠭᠰᠡᠨ ᠴᠠᠭ᠄
2024/6/14
    ᠰᠢᠨ᠎ᠡ ᠤᠨ ᠤ ᠠᠮᠤᠷ ᠠᠮᠤᠭᠤᠯᠠᠩ ᠳᠤ ᠶᠠᠭᠠᠬᠢᠨ ᠲᠡᠭᠦᠰ ᠦᠵᠡᠰᠭᠦᠯᠡᠩ ᠢ ᠪᠦᠲᠦᠭᠡᠬᠦ     ᠰᠢᠵᠢᠷ ᠲᠤᠶᠠᠭ᠎ᠠ ᠮᠡᠳᠤ ᠡᠬᠡ ᠣᠷᠤᠨ ᠤ ᠪᠠᠨ ᠭᠠᠶᠢᠬᠠᠮᠰᠢᠭ ᠢ ᠶᠠᠭᠠᠬᠢᠨ ᠮᠡᠳᠡᠷᠡᠬᠦ     ᠬᠠᠳᠠ ᠴᠢᠯᠠᠭᠤ ᠮᠡᠲᠦ ᠤᠷᠭᠤᠨ ᠶᠠᠭᠠᠬᠢᠨ ᠦᠩᠭᠡ ᠭᠡᠷᠡᠯ ᠰᠠᠴᠤᠷᠠᠬᠤ     ᠬᠠᠷᠠᠴᠠᠨ ᠠᠴᠠ ᠨᠢ ᠴᠡᠴᠡᠭᠯᠡᠬᠦ ᠪᠦᠬᠦᠨ ᠳᠡᠭᠡᠨ ᠶᠠᠭᠠᠬᠢᠨ ᠡᠷᠬᠢᠮᠰᠦᠭ ᠤᠷᠣᠰᠢᠬᠤ     ᠬᠡᠨ ᠤ ᠲᠦᠯᠦᠭᠡ ᠶᠠᠩᠵᠤᠯᠠᠭᠰᠠᠠᠨ ᠦᠴᠦᠭᠡᠳᠦᠷ ᠢ ᠶᠠᠭᠠᠬᠢᠨ ᠪᠤᠴᠠᠭᠠᠬᠤ     ᠰᠠᠶᠢᠬᠠᠨ ᠪᠦᠭᠡᠳᠡᠯ᠎ᠡ ᠡᠩᠬᠦᠷᠡᠢ ᠵᠠᠯᠠᠭᠤ ᠨᠠᠰᠤ ᠪᠠᠨ ᠴᠡᠴᠡᠭ ᠢᠶᠠᠷ ᠶᠠᠭᠠᠬᠢᠨ ᠲᠦᠰᠦᠭᠡᠯᠡᠬᠦ     ᠰᠠᠶᠢᠬᠠᠨ ᠶᠠᠪᠤᠭᠰᠠᠨ ᠡᠨᠡ ᠪᠡᠶ᠎ᠡ ᠤᠶᠤᠨ ᠰᠠᠨᠠᠭᠠᠨ ᠳᠠᠭᠠᠨ ᠶᠠᠭᠠᠬᠢᠨ ᠪᠠᠶᠠᠰᠬᠤ     ᠠᠮᠢᠳᠦᠷᠠᠯ ᠭᠡᠳᠡᠭ ᠲᠦᠯᠭᠡᠬᠡᠨ ᠤᠷᠣᠰᠬᠠᠯ ᠲᠠᠢ ᠮᠦᠷᠡᠨ ᠢ ᠶᠠᠭᠠᠬᠢᠨ ᠰᠡᠯᠢᠬᠦ     ᠭᠦᠨ ᠰᠦᠨᠢ ᠰᠠᠷᠠᠨ ᠤ ᠬᠡᠴᠡ ᠲᠠᠢ ᠬᠤᠨᠳᠠᠭᠠᠨ ᠠᠴᠠ ᠮᠦᠷᠦᠭᠡᠳᠦᠯ ᠢᠶᠠᠨ ᠶᠠᠭᠠᠬᠢᠨ ᠶᠡᠭᠦᠯᠡᠬᠦ     ᠬᠦᠨᠳᠦᠭᠦᠷᠢ ᠶᠡᠭᠡ ᠲᠠᠢ ᠰᠡᠳᠭᠢᠯ ᠳᠡᠭᠡᠨ ᠶᠠᠭᠠᠬᠢᠨ ᠠᠷᠢᠬᠢ ᠮᠡᠲᠦ ᠰᠤᠭᠲᠣᠬᠤ     ᠠᠮᠤᠷ ᠠᠮᠤᠭᠤᠯᠠᠩ ᠢᠶᠠᠷ ᠤᠷᠭᠤᠵᠣ ᠪᠤᠢ ᠡᠬᠡ ᠤᠷᠣᠨ ᠤ ᠪᠠᠨ ᠰᠢᠨ᠎ᠡ ᠦᠷ ᠢᠶᠠᠷ     ᠨᠤᠲᠤᠭ ᠢᠶᠠᠨ ᠰᠠᠨᠠᠬᠤ᠂ ᠨᠤᠲᠤᠭ ᠢᠶᠠᠨ ᠵᠤᠷᠢᠬᠤ ᠳᠤ ᠶᠠᠭᠠᠬᠢᠨ ᠰᠡᠳᠭᠢᠯ ᠬᠦᠪᠬᠢᠬᠦ     ᠮᠦᠩᠭᠦᠨ ᠰᠢᠬᠢᠳᠭᠡᠭᠡᠷᠢ ᠲᠠᠢ ᠭᠦᠨ ᠤᠭᠲᠠᠷᠭᠤᠢ ᠶᠢᠨ ᠴᠡᠭᠡᠨ ᠭᠡᠷᠡᠯ ᠳᠤ     ᠮᠢᠨᠤ ᠯᠡ ᠬᠠᠶᠢᠷᠠᠲᠠᠢ ᠮᠤᠩᠭᠤᠯ ᠤᠷᠤᠨ ᠤ ᠪᠠᠨ ᠦᠩᠭᠡ ᠶᠢ ᠶᠠᠭᠠᠬᠢᠨ ᠪᠤᠲᠤᠭᠯᠠᠬᠤ     ᠮᠤᠷᠢᠨ ᠤ ᠲᠤᠷᠭᠢᠬᠤ ᠴᠢᠮᠡᠭᠡ ᠬᠠᠶᠠ ᠨᠠᠭᠠᠰᠢᠯᠠᠨ ᠬᠠᠶᠠ ᠴᠠᠭᠠᠰᠢᠯᠠᠬᠤ     ᠮᠦᠩᠬᠡ ᠶᠢᠨ ᠶᠤᠮ ᠰᠢᠭ ᠦᠯᠢᠭᠡᠷ ᠤᠳ ᠢ ᠶᠠᠭᠠᠬᠢᠨ ᠡᠮᠰᠡᠭᠯᠡᠨ ᠲᠤᠭᠤᠷᠪᠢᠬᠤ     ᠭᠡᠵᠢᠭᠡ ᠶᠢ ᠠᠯᠳᠠᠷᠠᠭᠠᠬᠤ ᠰᠠᠯᠬᠢᠨ ᠲᠤᠮᠳᠠᠭᠤᠷ ᠲᠤᠭᠤᠴᠢᠨ ᠶᠠᠪᠤᠬᠤᠢ ᠳᠤ     ᠠᠯᠠᠭ ᠲᠤᠩᠭ᠎ᠠ ︽ᠠᠳ᠂ ᠠᠳ︾ ᠬᠡᠮᠡᠨ ᠪᠠᠭ᠎ᠠ ᠨᠠᠰᠤ ᠶᠢ ᠠᠨᠢᠷᠲᠠᠭᠤᠯᠬᠤ     ᠵᠦᠯᠭᠡᠨ ᠳᠡᠭᠡᠷ᠎ᠡ ᠨᠢᠲᠦ ᠪᠠᠨ ᠠᠨᠢᠨ ᠰᠡᠳᠭᠢᠯ ᠢᠶᠠᠨ ᠴᠢᠩᠨᠠᠨ ᠬᠡᠪᠲᠡᠬᠦᠢ ᠳᠤ     ᠡᠵᠢ ᠶᠢᠨ ᠮᠢᠨᠢ ᠵᠦᠭᠡᠯᠡᠨ ᠠᠮᠢᠰᠬᠤᠭ᠎ᠠ ᠬᠠᠴᠠᠷ ᠢ ᠦᠨᠦᠰᠤᠨ ᠡᠩᠬᠦᠷᠡᠶᠢᠯᠡᠬᠦ     ᠱᠠᠨᠵᠠᠨ ᠤ ᠠᠶᠠᠯᠭᠤ ᠮᠡᠲᠦ ᠨᠤᠲᠤᠭ ᠤᠨ ᠰᠠᠯᠬᠢᠨ ᠳᠤ ᠭᠠᠷᠬᠤᠢ     ᠰᠢᠪᠠᠭᠤᠳ ᠨᠡᠭᠦᠭᠰᠡᠭᠡᠷ ᠢᠷᠡᠵᠦ ᠪᠠᠶᠢᠬᠤ ᠶᠢ ᠬᠠᠷᠠᠵᠤ ᠲᠤᠭᠳᠤᠯᠬᠤᠢ     ᠰᠢᠨ᠎ᠡ ᠤᠨ ᠲᠡᠯᠭᠡᠷᠡᠭᠰᠡᠭᠡᠷ ᠪᠠᠶᠢᠭ᠎ᠠ ᠶᠢ ᠪᠠᠭ᠋ᠠᠷᠬᠠᠵᠣ ᠵᠢᠰᠦ ᠪᠠᠨ ᠴᠢᠮᠡᠬᠦᠢ     ᠠᠶᠢᠰᠤᠢ ᠴᠠᠭ ᠤᠨ ᠭᠠᠵᠠᠷ ᠤᠰᠤᠨ ᠤᠶᠠᠩᠭ᠎ᠠ ᠬᠦᠭᠵᠢᠮ ᠳᠤ ᠠᠷᠢᠭᠤᠰᠬᠤᠢ
 
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号