ᠮᠠᠨ ᠤ ᠮᠣᠩᠭᠤᠯ ᠤᠨ ᠵᠦᠢᠷ ᠰᠡᠴᠡᠨ ᠦᠭᠡᠨ ᠳᠤ ︽ᠴᠤᠪᠤᠵᠤ ᠶᠠᠪᠤᠭᠰᠠᠨ ᠪᠠᠷᠰ ᠠᠴᠠ ᠴᠤᠭᠯᠠᠵᠤ | ᠰᠠᠭᠤᠭᠰᠠᠨ ᠱᠠᠭᠠᠵᠠᠭᠠᠢ ᠳᠡᠭᠡᠷ᠎ᠡ︾ ᠬᠡᠳᠡᠭ ᠦᠭᠡ ᠪᠠᠶᠢᠳᠠᠭ᠃ ᠡᠭᠦᠨ ᠳᠤ ᠮᠠᠰᠢ ᠭᠦᠨ ᠭᠦᠨᠵᠡᠭᠡᠢ ᠤᠴᠢᠷ ᠶᠣᠰᠣ | ᠠᠭᠤᠯᠣᠠᠭᠳᠠᠵᠤ ᠪᠠᠶᠢᠭ᠎ᠠ ᠶᠢ ᠮᠡᠳᠡᠭᠦᠰᠢᠲᠡᠢ᠃ ᠵᠥᠭᠡᠯᠡᠨ ᠨᠢ ᠬᠠᠲᠠᠭᠤ ᠪᠠᠨ ᠢᠳᠡᠳᠡᠭ᠂ ᠤᠯᠠᠨ ᠤ ᠬᠦᠴᠦᠨ ᠳᠤ | ᠠᠭᠤᠯᠠ ᠨᠡᠭᠦᠳᠡᠭ᠂ ᠳᠠᠭᠤ ᠨᠢᠭᠡᠳᠪᠡᠯ ᠬᠦᠴᠦ ᠨᠢᠭᠡᠳᠳᠡᠭ ᠤᠨ ᠪᠠᠲᠤᠶᠣᠰᠤ ᠶᠢ ᠵᠢᠭᠠᠵᠤ ᠥᠭᠴᠡᠢ᠃ | ᠪᠠᠷᠰ ᠪᠣᠯ ᠠᠷᠢᠶᠠᠲᠠᠨ ᠤ ᠨᠢᠭᠡᠨ ᠲᠣᠮᠣ ᠬᠦᠴᠦᠷᠬᠡᠭ᠂ ᠣᠮᠤᠭ ᠵᠣᠷᠢᠭ ᠲᠡᠭᠦᠯᠳᠡᠷ᠂ ᠬᠦᠴᠦᠨ ᠴᠢᠳᠠᠯ ᠶᠡᠭᠡ᠂ | ᠬᠠᠯᠳᠠᠭᠰᠠᠨ ᠲᠠᠭᠠᠷᠠᠭᠰᠠᠨ ᠪᠦᠬᠦᠨ ᠢᠶᠠᠨ ᠨᠢᠴᠠ ᠬᠡᠮᠬᠡ ᠳᠠᠭᠠᠷᠢᠳᠠᠭ᠂ ᠪᠠᠶᠢᠭᠠᠯᠢ ᠣᠷᠴᠢᠨ ᠳᠤ ᠲᠡᠭᠦᠨ ᠲᠠᠢ | ᠲᠡᠩᠴᠡᠯᠳᠦᠬᠦ ᠠᠮᠢᠲᠠᠨ ᠮᠠᠰᠢ ᠴᠥᠭᠡᠨ ᠪᠣᠯᠬᠤᠷ ᠠᠶᠤᠵᠤ ᠰᠣᠴᠢᠬᠤ ᠶᠠᠭᠤᠮ᠎ᠠ ᠪᠠᠷᠤᠭ ᠪᠠᠶᠢᠳᠠᠭ ᠦᠭᠡᠢ᠃ | ᠱᠠᠭᠠᠵᠠᠭᠠᠢ ᠪᠣᠯ ᠵᠢᠭᠦᠷᠲᠡᠨ᠂ ᠵᠦᠪᠬᠡᠨ ᠨᠢᠰᠴᠦ ᠴᠢᠳᠠᠬᠤ ᠠᠪᠢᠶᠠᠰ ᠴᠢᠳᠠᠪᠤᠷᠢ ᠪᠠᠶᠢᠬᠤ ᠠᠴᠠ ᠥᠭᠡᠷ᠎ᠡ | ᠶᠠᠮᠠᠷᠴᠤ ᠴᠢᠳᠠᠯ ᠲᠡᠩᠬᠡᠭᠡ ᠪᠠᠶᠢᠬᠤ ᠦᠭᠡᠢ᠂ ᠴᠤᠭᠯᠠᠷᠠᠵᠤ ᠰᠠᠭᠤᠭᠠᠳ ᠱᠠᠭᠰᠢᠯᠳᠤᠳᠠᠭ᠂ ᠬᠥᠮᠥᠨ | ᠲᠥᠷᠥᠯᠬᠢᠲᠡᠨ ᠲᠠᠢ ᠮᠠᠰᠢ ᠣᠶᠢᠷ᠎ᠠ ᠳᠣᠲᠣᠨᠣ ᠪᠠᠶᠢᠳᠠᠭ᠃ ᠲᠡᠬᠡᠬᠦ ᠳᠤ ᠪᠠᠨ ᠬᠥᠮᠥᠨ ᠤ ᠬᠠᠶᠠᠵᠤ ᠬᠡᠬᠡᠭᠰᠡᠨ ᠠᠯᠲᠠ᠂ | ᠮᠥᠩᠭᠦ᠂ ᠱᠢᠷᠦ᠂ ᠰᠤᠪᠤᠳ ᠵᠠᠰᠠᠯ ᠵᠢᠮᠰᠡᠭ ᠤᠨ ᠵᠦᠢᠯᠡᠰ ᠠᠴᠠ ᠡᠬᠢᠯᠡᠭᠡᠳ ᠲᠡᠪᠡᠨᠡ ᠵᠡᠭᠦᠦ᠂ ᠲᠡᠮᠦᠷ ᠤᠲᠠᠰᠤ | ᠵᠡᠷᠭᠡ ᠶᠠᠭᠤᠮᠠᠰ ᠢ ᠵᠥᠭᠡᠭᠡᠵᠦ ᠠᠪᠠᠴᠢᠭᠠᠳ ᠡᠭᠦᠷ ᠢᠶᠠᠨ ᠪᠠᠷᠢᠴᠢᠬᠠᠳᠠᠭ᠃ ᠲᠡᠳᠡᠨ ᠤ ᠬᠠᠮᠤᠭ ᠤᠨ ᠳᠤᠪᠤᠶᠢᠭᠰᠠᠨ | ᠣᠨᠴᠠᠯᠢᠭ ᠨᠢ ᠨᠡᠶᠢᠲᠡ ᠤᠯᠠᠨ ᠢᠶᠠᠷ ᠢᠶᠠᠨ ᠴᠤᠭᠯᠠᠷᠠᠵᠤ᠂ ᠤᠬᠠᠭᠠᠨ ᠴᠢᠳᠠᠯ ᠢᠶᠠᠨ ᠨᠢᠭᠡᠳᠬᠡᠨ᠂ ᠵᠣᠪᠠᠯ | ᠵᠦᠳᠡᠷᠡᠯ ᠢᠶᠠᠨ ᠬᠠᠮᠲᠤᠳᠬᠠᠵᠤ᠂ ᠡᠶ᠎ᠡ ᠡᠪᠲᠡᠢ ᠠᠵᠤ ᠲᠦᠷᠦᠨ ᠠᠮᠢᠳᠤᠷᠠᠳᠠᠭ ᠠᠴᠠ ᠣᠷᠣᠰᠢᠨ ᠲᠣᠭᠲᠠᠨᠢᠬᠤ ᠶᠢᠨ | ᠤᠳᠬ᠎ᠠ ᠨᠢ ᠡᠶ᠎ᠡ ᠡᠪ ᠪᠠᠶᠢᠳᠠᠭ᠃ ᠬᠡᠵᠢᠶᠡᠳᠡ ᠤᠯᠠᠨ ᠢᠶᠠᠷ ᠢᠶᠠᠨ ᠴᠤᠭᠯᠠᠷᠠᠵᠤ ᠰᠠᠭᠤᠳᠠᠭ ᠢᠶᠠᠷ ᠰᠤᠨᠤᠰᠬᠤ ᠵᠦᠢᠯ᠂ | ᠦᠵᠡᠬᠦ ᠶᠠᠭᠤᠮ᠎ᠠ ᠬᠠᠷᠢᠴᠠᠩᠭᠤᠢ ᠠᠷᠪᠢᠨ ᠮᠥᠷᠲᠡᠭᠡᠨ ᠬᠠᠮᠤᠭ ᠤᠨ ᠴᠢᠬᠤᠯᠠ ᠵᠦᠢᠯ ᠨᠢ ᠶᠠᠮᠠᠷᠪᠠ ᠨᠢᠭᠡᠨ ᠲᠣᠮᠣ | ᠶᠠᠪᠤᠳᠠᠯ ᠪᠤᠶᠤ ᠭᠡᠨᠡᠳᠲᠡ ᠶᠢᠨ ᠠᠶᠤᠯ ᠲᠦᠭᠰᠢᠭᠦᠷᠢ᠂ ᠬᠦᠴᠢᠷ ᠪᠡᠷᠬᠡᠰᠢᠶᠡᠯ ᠲᠤᠯᠭᠠᠷᠠᠭᠰᠠᠨ ᠦᠶ᠎ᠡ ᠳᠤ ᠨᠡᠶᠢᠲᠡ | ᠤᠯᠠᠨ ᠢᠶᠠᠷ ᠢᠶᠠᠨ ᠬᠥᠳᠡᠯᠦᠯᠴᠡᠵᠦ᠂ ᠬᠠᠮᠵᠢᠯᠴᠠᠵᠤ ᠪᠠᠶᠢᠭᠠᠳ ᠠᠷᠭᠠᠴᠠᠭᠠᠳᠠᠭ ᠪᠠᠶᠢᠨ᠎ᠠ᠃ ᠲᠡᠶᠢᠮᠦ ᠪᠣᠯᠬᠤᠷ | ᠴᠤᠪᠤᠵᠤ ᠶᠠᠪᠤᠭᠰᠠᠨ ︽ᠪᠠᠷᠰ︾ ᠠᠴᠠ ᠳᠠᠪᠠᠳᠠᠭ ᠠᠵᠢ᠃ | ᠱᠠᠭᠠᠵᠠᠭᠠᠢ ᠶᠢᠨ ᠬᠠᠯᠠᠭᠤᠨ ᠪᠦᠯᠢ ᠪᠠᠷ ᠢᠶᠠᠨ ︽ᠴᠤᠭᠯᠠᠷᠠᠵᠤ ᠶᠠᠪᠤᠳᠠᠭ︾᠂ ᠡᠶ᠎ᠡ ᠡᠪᠲᠡᠢ ᠬᠠᠷᠢᠯᠴᠠᠳᠠᠭ | ᠵᠣᠷᠢᠭ ᠰᠠᠨᠠᠭ᠎ᠠ ᠪᠢᠳᠡᠨ ᠳᠤ ᠶᠠᠭᠤ ᠨᠢᠭᠡ ᠶᠢ ᠬᠡᠯᠡᠬᠦ ᠰᠢᠭ ᠰᠠᠨᠠᠭᠳᠠᠬᠤ ᠶᠤᠮ᠃ ᠪᠢᠳᠡᠨ ᠤ ᠤᠶᠤᠨ ᠤᠬᠠᠭᠠᠨ᠂ | ᠮᠡᠷᠭᠡᠵᠢᠯ ᠴᠢᠳᠠᠪᠤᠷᠢ ᠳᠡᠭᠡᠳᠦ ᠬᠡᠮᠵᠢᠶ᠎ᠡ ᠪᠠᠷ ᠬᠥᠭᠵᠢᠭᠰᠡᠨ ᠬᠡᠳᠡᠭ ᠴᠦ ᠪᠠᠷᠰ ᠮᠡᠲᠦ ᠭᠠᠭᠴᠠ ᠬᠤᠶᠠᠷ ᠢᠶᠠᠷ ᠢᠶᠠᠨ ︽ | ᠴᠤᠪᠤᠵᠤ ᠶᠠᠪᠤᠬᠤ︾ ᠳᠤ ᠬᠥᠷᠪᠡᠯ᠂ ᠶᠠᠮᠠᠷ ᠴᠦ ᠠᠵᠢᠯ ᠶᠠᠪᠤᠳᠠᠯ ᠬᠢᠵᠦ ᠳᠡᠶᠢᠯᠬᠦ ᠦᠭᠡᠢ᠂ ᠶᠠᠮᠠᠷ ᠴᠦ ᠶᠠᠭᠤᠮ᠎ᠠ | ᠪᠦᠲᠦᠭᠡᠵᠦ ᠴᠢᠳᠠᠬᠤ ᠦᠭᠡᠢ᠃ ᠶᠠᠳᠠᠬᠤ ᠳᠤ ︽ᠴᠤᠭᠯᠠᠷᠠᠵᠤ ᠰᠠᠭᠤᠳᠠᠭ ᠱᠠᠭᠠᠵᠠᠭᠠᠢ︾ ᠶᠢ ᠴᠦ ᠬᠦᠷᠬᠦ ᠦᠭᠡᠢ | ᠪᠣᠯᠵᠤ ᠮᠡᠳᠡᠨ᠎ᠡ᠃ ︽ᠭᠠᠭᠴᠠ ᠬᠥᠮᠥᠨ ᠠᠶᠢᠯ ᠪᠤᠯᠳᠠᠭ ᠦᠭᠡᠢ᠂ ᠭᠠᠭᠴᠠ ᠮᠣᠳᠣ ᠭᠠᠯ ᠪᠤᠯᠳᠠᠭ ᠦᠭᠡᠢ︾ | ᠬᠡᠳᠡᠭ ᠢᠶᠠᠷ ᠬᠠᠨᠢ ᠨᠥᠬᠦᠷ ᠦᠭᠡᠢ ᠪᠣᠯ ᠭᠠᠭᠴᠠᠭᠠᠷᠳᠠᠨ᠎ᠠ᠂ ᠪᠦᠯᠬᠦᠮᠳᠡᠯ ᠨᠢᠭᠲᠠᠷᠠᠯ ᠦᠭᠡᠢ ᠪᠣᠯ ᠰᠠᠷᠨᠢᠵᠤ ᠪᠤᠲᠠᠷᠠᠨ᠎ᠠ | ᠬᠡᠳᠡᠭ ᠢ ᠲᠣᠳᠣᠷᠬᠠᠢ ᠣᠶᠢᠯᠠᠭᠠᠬᠤ ᠴᠢᠬᠤᠯᠠᠲᠠᠢ ᠪᠠᠶᠢᠨ᠎ᠠ᠃ | |