ᠵᠤᠨ ᠤ ᠤᠯᠠᠷᠢᠯ ᠪᠤᠯᠵᠤ ᠬᠤᠨᠢ ᠢᠮᠠᠭ᠎ᠠ ᠰᠠᠭᠠᠬᠤ ᠳᠠᠭᠠᠨ ᠬᠤᠷᠠᠭ᠎ᠠ ᠢᠰᠢᠬᠡ ᠪᠠᠨ ᠠᠰ ᠲᠤᠨᠢ | ᠬᠠᠷᠢᠭᠤᠯᠳᠠᠭ᠃ ᠬᠤᠨᠢ ᠢᠮᠠᠭ᠎ᠠ ᠪᠠᠨ ᠬᠤᠯᠪᠤᠵᠤ ᠰᠠᠭᠠᠬᠤ ᠪᠤᠶᠤ ᠨᠢᠬᠡ ᠨᠢᠬᠡ ᠪᠠᠷ ᠨᠢ ᠪᠠᠷᠢᠵᠤ ᠰᠠᠭᠠᠳᠠᠭ ᠶᠤᠮ᠃ | ᠡᠬᠡ ᠮᠠᠯ ᠢ ᠦᠷᠯᠦᠬᠡ ᠪᠤᠶᠤ ᠦᠳᠡ ᠳᠤ ᠰᠠᠭᠠᠵᠤ᠂ ᠦᠳᠡ ᠶᠢᠨ ᠬᠤᠶᠢᠨ᠎ᠠ ᠬᠤᠨᠢ ᠬᠤᠷᠠᠭ᠎ᠠ ᠪᠠᠨ ᠨᠡᠶᠢᠯᠡᠬᠦᠯᠵᠤ᠂ | ᠤᠷᠤᠢ ᠬᠤᠲᠠᠯᠠᠬᠤ ᠳᠠᠭᠠᠨ ᠢᠯᠭᠠᠵᠤ ᠠᠪᠳᠠᠭ᠃ ᠨᠠᠮᠤᠷ ᠪᠤᠯᠪᠠᠯ ᠬᠤᠨᠢ ᠢᠮᠠᠭ᠎ᠠ ᠰᠠᠭᠠᠬᠤ ᠪᠠᠨ ᠵᠤᠭᠰᠤᠳᠠᠭ᠃ | ᠬᠤᠨᠢ ᠢᠮᠠᠭᠠᠨ ᠰᠦ ᠪᠠᠷ ᠰᠦᠯᠡᠭᠰᠡᠨ ᠴᠠᠢ ᠪᠤᠯ ᠬᠠᠮᠤᠭ ᠠᠮᠲᠠᠲᠠᠢ ᠴᠠᠢ ᠪᠤᠯᠳᠠᠭ᠃ ᠬᠤᠨᠢ ᠢᠮᠠᠭᠠᠨ ᠤ ᠰᠦᠨ ᠤ | ᠰᠢᠮ᠎ᠡ ᠲᠡᠵᠢᠬᠡᠯ ᠴᠦ ᠦᠨᠳᠦᠷ ᠪᠠᠶᠢᠵᠤ᠂ ᠬᠦᠮᠦᠨ ᠤ ᠡᠷᠡᠭᠦᠯ ᠴᠢᠬᠢᠷᠠᠭ ᠲᠤ ᠴᠢᠬᠤᠯᠠ ᠦᠢᠯᠡᠳᠤᠯ ᠦᠵᠡᠬᠦᠯᠵᠤ | ᠪᠠᠶᠢᠳᠠᠭ᠃ |