ᠲᠠᠪᠤᠰᠤ ᠲᠠᠢ ᠤᠰᠤ ᠪᠠᠷ ᠠᠮᠠ ᠪᠠᠨ ᠲᠤᠭᠳᠠᠮᠠᠯ ᠵᠠᠶᠢᠯᠠᠬᠤ ᠨᠢ ᠶᠠᠮᠠᠷ ᠠᠰᠢᠭ ᠲᠤᠰᠠᠳᠠᠢ ᠪᠤᠯᠬᠤ
ᠨᠡᠶᠢᠲᠡᠯᠡᠭᠰᠡᠨ ᠴᠠᠭ᠄
2025/3/17
    ᠲᠠᠪᠤᠰᠤ ᠲᠠᠢ ᠤᠰᠤ ᠪᠠᠷ ᠠᠮᠠ ᠪᠠᠨ ᠲᠤᠭᠳᠠᠮᠠᠯ ᠵᠠᠶᠢᠯᠠᠬᠤ ᠨᠢ ᠶᠠᠮᠠᠷ ᠠᠰᠢᠭ ᠲᠤᠰᠠᠳᠠᠢ ᠪᠤᠯᠬᠤ ᠶᠢ ᠪᠠᠳᠤᠯᠠᠬᠤ ᠨᠠᠢᠮᠠᠨ ᠰᠢᠯᠳᠠᠭᠠᠨ     ᠲᠠᠪᠤᠰᠤ᠂ ᠡᠨᠡ ᠪᠤᠯ ᠪᠠᠶᠢᠭᠠᠯᠢ ᠶᠢᠨ ᠭᠠᠷᠤᠯᠳᠠᠢ ᠨᠢᠭᠡᠨ ᠭᠠᠶᠢᠬᠠᠮᠰᠢᠭᠳᠤ ᠪᠤᠳᠠᠰ ᠪᠦᠭᠡᠳ ᠤᠯᠠᠨ ᠲᠦᠷᠦᠯ  ᠤᠨ ᠠᠰᠢᠭᠳᠠᠢ ᠰᠢᠨᠵᠢ ᠴᠢᠨᠠᠷ ᠢ ᠠᠭᠤᠯᠤᠨ᠎ᠠ᠃ ᠢᠯᠠᠩᠭᠤᠶ᠎ᠠ ᠴᠡᠪᠡᠷ ᠪᠠᠶᠢᠭᠠᠯᠢ ᠶᠢᠨ ᠭᠠᠷᠤᠯᠳᠠᠢ ᠲᠠᠪᠤᠰᠤ ᠨᠢ ᠪᠦᠷ ᠤᠨᠴᠠᠭᠠᠢ ᠭᠡᠵᠦ ᠦᠵᠡᠵᠦ ᠪᠠᠶᠢᠨ᠎ᠠ᠃ ᠲᠠᠪᠤᠰᠤ ᠨᠢ ᠡᠷᠦᠳᠡᠰᠦ ᠶᠢᠨ ᠮᠠᠰᠢ ᠲᠡᠭᠦᠰ ᠪᠦᠳᠦᠴᠡ ᠲᠠᠢ ᠪᠦᠭᠡᠳ ᠬᠦᠮᠦᠨ ᠤ ᠡᠷᠡᠬᠦᠯ ᠮᠡᠨᠳᠦ ᠶᠢᠨ ᠪᠠᠶᠢᠳᠠᠯ ᠢ ᠰᠠᠶᠢᠵᠢᠷᠠᠭᠤᠯᠬᠤ ᠴᠢᠳᠠᠯ ᠲᠠᠢ᠃ ᠲᠠᠪᠤᠰᠤ ᠨᠢ ᠨᠠᠳ᠋ᠷᠢ ᠠᠭᠤᠯᠬᠤ ᠪᠠ ᠡᠨᠡ ᠪᠤᠳᠠᠰ ᠪᠠᠺᠲ᠋ᠧᠷᠢ ᠶᠢᠨ ᠡᠰᠡᠷᠬᠦ ᠬᠦᠴᠦᠳᠡᠢ ᠦᠢᠯᠡᠴᠢᠯᠡᠭᠡ ᠲᠠᠢ ᠤᠴᠢᠷ ᠪᠠᠺᠲ᠋ᠧᠷᠢ ᠶᠢᠨ ᠡᠰᠡᠷᠬᠦ ᠬᠦᠴᠦᠲᠡᠢ ᠲᠡᠮᠡᠴᠡᠭᠴᠢ ᠶᠤᠮ᠃ ᠲᠠᠪᠤᠰᠤ ᠲᠠᠢ ᠤᠰᠤᠨ ᠤ ᠭᠤᠤᠯ ᠠᠰᠢᠭᠳᠠᠢ ᠲᠠᠯ᠎ᠠ ᠤᠳ᠄     ⒈ ᠬᠤᠭᠤᠯᠠᠢ ᠡᠪᠡᠳᠬᠦ ᠲᠠᠪᠤᠰᠤᠨ ᠤ ᠠᠭᠤᠰᠤᠮᠠᠯ ᠨᠢ ᠬᠤᠭᠤᠯᠠᠢ ᠶᠢ ᠬᠦᠴᠢᠯᠯᠢᠭ ᠰᠠᠭᠠᠷᠮᠠᠭᠵᠢᠭᠤᠯᠤᠨ᠂ ᠵᠠᠭᠠᠨᠠᠳᠤᠬᠤ ᠵᠡᠷᠭᠡ ᠵᠤᠪᠠᠭᠤᠷᠢ ᠶᠢ ᠠᠯᠠᠭ᠎ᠠ ᠪᠤᠯᠭᠠᠵᠤ ᠠᠮᠠᠨ ᠤ ᠬᠦᠨᠳᠡᠢ ᠶᠢᠨ ᠡᠯᠳᠡᠪ ᠰᠢᠷᠬ᠎ᠠ ᠬᠤᠷᠳᠤᠨ ᠡᠳᠡᠭᠡᠵᠦ ᠠᠨᠠᠬᠤ ᠳᠤ ᠲᠤᠰᠠᠳᠠᠢ᠃ ᠠᠮᠠ ᠵᠠᠶᠢᠯᠠᠬᠤ ᠪᠤᠯᠭᠠᠨ ᠳᠠᠭᠠᠨ ᠰᠢᠨ᠎ᠡ ᠠᠭᠤᠰᠤᠮᠠᠯ ᠪᠡᠯᠡᠳᠭᠡᠵᠦ ᠪᠠᠶᠢᠬᠤ ᠪᠠ ᠡᠨᠡ ᠨᠢ ᠠᠶᠠᠭᠠᠨ ᠳᠠᠭᠠᠨ ᠬᠢᠭᠡᠳ ᠬᠠᠳᠠᠭᠠᠯᠠᠵᠤ᠂ ᠦᠴᠢᠨᠡᠨ ᠪᠠᠺᠲ᠋ᠧᠷᠢ ᠪᠠᠷ ᠪᠤᠬᠢᠷᠳᠤᠭᠰᠠᠨ ᠠᠭᠤᠰᠤᠮᠠᠯ ᠠᠴᠠ ᠬᠤᠯᠠ ᠲᠡᠭᠡᠷ᠎ᠡ ᠭᠡᠳᠡᠭ ᠢ ᠰᠠᠨᠠᠭᠠᠷᠠᠢ᠃     ⒉PH ᠲᠦᠪᠰᠢᠨ ᠠᠮᠠᠨ ᠤ ᠬᠦᠨᠳᠡᠢ ᠲᠠᠬᠢ ᠦᠨᠳᠦᠷ ᠬᠡᠮᠵᠢᠶᠡᠨ ᠤ ᠬᠦᠴᠢᠯᠯᠢᠭ ᠪᠠᠶᠢᠳᠠᠯ ᠨᠢ ᠠᠮᠠᠨ ᠤ ᠮᠠᠭᠤᠬᠠᠢ ᠦᠨᠦᠷ ᠤᠨ ᠰᠢᠯᠳᠠᠭᠠᠨ ᠪᠠᠶᠢᠵᠤ ᠪᠤᠯᠬᠤ ᠶᠤᠮ᠃ ᠡᠨᠡ ᠬᠦᠴᠢᠯᠯᠢᠭ ᠪᠠᠶᠢᠳᠠᠯ ᠢ ᠲᠡᠩᠴᠡᠪᠤᠷᠢ ᠲᠠᠢ ᠪᠠᠶᠢᠯᠭᠠᠬᠤ ᠴᠤᠷᠢ ᠶᠢᠨ ᠭᠠᠭᠴᠠ ᠵᠠᠮ ᠨᠢ PH ᠶᠢᠨ ᠵᠦᠪ ᠲᠡᠩᠴᠡᠪᠤᠷᠢ ᠬᠡᠮᠵᠢᠶ᠎ᠡ ᠶᠤᠮ᠃ ᠡᠬᠦᠨ ᠳᠤ ᠲᠠᠪᠤᠰᠤᠨ  ᠤ ᠠᠭᠤᠰᠤᠮᠠᠯ ᠲᠤᠰᠠ ᠪᠤᠯᠤᠨ᠎ᠠ᠃ ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠭᠰᠠᠨ ᠢᠶᠠᠷ ᠠᠮᠠᠨ ᠠᠴᠠ ᠦᠨᠦᠷᠲᠦᠬᠦ ᠮᠠᠭᠤᠬᠠᠢ ᠦᠨᠦᠷ ᠤᠨ ᠡᠬᠢ ᠡᠬᠦᠰᠪᠤᠷᠢ ᠪᠤᠯᠤᠭᠰᠠᠨ ᠤᠯᠠᠨ ᠪᠠᠺᠲ᠋ᠧᠷᠢ ᠶᠢᠨ ᠦᠰᠦᠯᠳᠡ ᠶᠢ ᠵᠤᠭᠰᠤᠭᠠᠳᠠᠭ ᠪᠠᠶᠢᠨ᠎ᠠ᠃     ⒊ ᠮᠦᠬᠦᠨᠴᠡᠷ ᠲᠠᠢ ᠲᠡᠮᠡᠴᠡᠬᠦ ᠲᠡᠮᠡᠴᠡᠯ ᠰᠠᠨᠳᠢᠳᠠ ᠲᠦᠷᠦᠯ ᠤᠨ ᠵᠢᠵᠢᠭ ᠮᠦᠬᠦᠨᠴᠡᠷ ᠠᠮᠠᠨ ᠤ ᠬᠦᠨᠳᠡᠢ ᠪᠤᠯᠤᠨ ᠬᠤᠭᠤᠯᠠᠢ᠂ ᠬᠤᠭᠤᠯᠠ ᠪᠤᠯᠪᠠᠰᠤᠷᠠᠭᠤᠯᠬᠤ ᠰᠢᠰᠲ᠋ᠧᠮ ᠤᠨ ᠡᠷᠬᠡᠳᠡᠨ ᠨᠦᠭᠦᠳ ᠲᠤ ᠪᠤᠢ ᠪᠤᠯᠳᠠᠭ᠃ ᠡᠨᠡ ᠦᠶ᠎ᠡ ᠳᠤ ᠠᠮᠠᠨ ᠤ ᠡᠷᠬᠢᠨ ᠲᠤᠭᠤᠷᠢᠨ ᠴᠠᠭᠠᠨ ᠵᠢᠵᠢᠭ ᠵᠦᠢᠯ ᠲᠤᠭᠤᠷᠠᠨ᠎ᠠ᠃ ᠡᠨᠡ ᠨᠢ ᠠᠮᠠᠨ ᠤ ᠮᠠᠭᠤᠬᠠᠢ ᠦᠨᠦᠷᠲᠡᠢ ᠬᠤᠯᠪᠤᠭᠠᠳᠠᠢ ᠶᠤᠮ ᠪᠢᠰᠢ ᠪᠢᠵᠡ︖ ᠮᠦᠬᠦᠨᠴᠡᠷ ᠨᠢ ᠡᠨᠡ ᠪᠡᠷᠬᠡᠰᠢᠶᠡᠯ ᠤᠨ ᠨᠢᠭᠡ ᠡᠬᠦᠰᠪᠤᠷᠢ ᠶᠠᠭᠠᠬᠢᠬᠤ ᠠᠷᠭ᠎ᠠ ᠦᠭᠡᠢ ᠮᠦᠨ᠃ ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠬᠤ ᠪᠠᠷ ᠮᠦᠬᠦᠨᠴᠡᠷ ᠠᠴᠠ ᠰᠠᠯᠵᠤ ᠮᠠᠭᠤᠬᠠᠢ ᠦᠨᠦᠷ ᠦᠭᠡᠢ ᠪᠤᠯᠤᠨ᠎ᠠ᠃     ⒋ ᠴᠡᠷ ᠲᠠᠢ ᠲᠡᠮᠡᠴᠡᠬᠦ ᠲᠡᠮᠡᠴᠡᠯ ᠴᠡᠷ ᠨᠢ ᠶᠡᠬᠡᠪᠴᠢᠯᠡᠨ ᠬᠠᠨᠢᠶᠠᠳᠤ ᠲᠤᠮᠤᠭᠠᠨ ᠤ ᠦᠶ᠎ᠡ ᠪᠠᠷ ᠪᠤᠢ ᠪᠤᠯᠤᠨ᠎ᠠ᠃ ᠮᠦᠨ ᠠᠮᠠᠨ ᠤ ᠬᠦᠨᠳᠡᠢ ᠶᠢᠨ ᠵᠠᠷᠢᠮ ᠬᠠᠯᠳᠠᠪᠤᠷᠢ ᠡᠪᠡᠳᠴᠢᠨ ᠤ ᠨᠢᠭᠡ ᠰᠢᠯᠳᠠᠭᠠᠨ ᠨᠢ ᠪᠤᠯᠬᠤ ᠮᠠᠭᠠᠳᠯᠠᠯ ᠲᠠᠢ᠃ ᠡᠨᠡ ᠨᠢ ᠬᠤᠷᠭᠤᠢ ᠪᠠᠺᠲ᠋ᠧᠷᠢ ᠶᠢᠨ ᠦᠰᠦᠯᠳᠡ ᠶᠢ ᠲᠡᠮᠵᠢᠵᠦ ᠠᠮᠠᠨ ᠤ ᠮᠠᠭᠤᠬᠠᠢ ᠦᠨᠦᠷ ᠢ ᠪᠤᠢ ᠪᠤᠯᠭᠠᠳᠠᠭ᠃ ᠲᠠᠪᠤᠰᠤᠨ ᠤ ᠠᠭᠤᠰᠤᠮᠠᠯ ᠤᠨ ᠨᠢᠭᠡ ᠠᠰᠢᠭᠳᠠᠢ ᠲᠠᠯ᠎ᠠ ᠨᠢ ᠴᠡᠷ ᠢ ᠭᠠᠳᠠᠭᠰᠢᠯᠠᠭᠤᠯᠬᠤ ᠶᠤᠮ᠃ ᠢᠩᠬᠢᠭᠰᠡᠨ ᠢᠶᠠᠷ ᠠᠮᠠᠨ ᠠᠴᠠ ᠭᠠᠷᠬᠤ ᠮᠠᠭᠤᠬᠠᠢ ᠦᠨᠦᠷ ᠤᠨ ᠠᠰᠠᠭᠤᠳᠠᠯ ᠢ ᠴᠤ ᠪᠠᠰᠠ ᠰᠡᠢᠳᠦᠨ᠎ᠡ᠃ ᠮᠦᠨ ᠬᠠᠨᠢᠶᠠᠳᠤ ᠲᠤᠮᠤᠭᠠᠨ ᠤ ᠦᠶ᠎ᠡ ᠳᠤ ᠰᠤᠩᠬᠢᠨ᠎ᠠ ᠮᠠᠰᠢ ᠬᠡᠷᠡᠭᠲᠡᠢ ᠭᠡᠳᠡᠭ ᠢ ᠮᠡᠳᠡᠵᠦ ᠠᠪᠤᠭᠠᠷᠠᠢ᠃     ⒌ ᠬᠦᠢᠯᠡᠰᠦᠨ ᠪᠤᠯᠴᠢᠷᠬᠠᠢ ᠶᠢᠨ ᠦᠷᠪᠢᠰᠦᠯ ᠠᠴᠠ ᠵᠠᠶᠢᠯᠠᠰᠬᠢᠬᠤ ᠬᠦᠢᠯᠡᠰᠦᠨ ᠪᠤᠯᠴᠢᠷᠬᠠᠢ ᠶᠢᠨ ᠦᠷᠪᠢᠰᠦᠯ ᠶᠡᠬᠡᠩᠬᠢ ᠳᠡᠭᠡᠨ ᠬᠡᠤᠬᠡᠳ ᠲᠤ ᠯᠡ ᠲᠤᠬᠢᠶᠠᠯᠳᠤᠨ᠎ᠠ᠃ ᠡᠶᠢᠮᠦ ᠦᠶ᠎ᠡ ᠳᠤ ᠬᠡᠤᠬᠡᠳ ᠤᠨ ᠬᠤᠭᠤᠯᠠᠢ ᠬᠠᠪᠢ ᠪᠠᠷ ᠡᠪᠡᠳᠬᠦ ᠠᠴᠠ ᠭᠠᠳᠠᠨ᠎ᠠ ᠠᠮᠠᠨ ᠠᠴᠠ ᠮᠠᠭᠤᠬᠠᠢ ᠦᠨᠦᠷ ᠭᠠᠷᠤᠨ᠎ᠠ᠃ ᠲᠠ ᠲᠠᠪᠤᠰᠤᠨ ᠤ ᠠᠭᠤᠰᠤᠮᠠᠯ  ᠢᠶᠠᠷ ᠠᠮᠠ ᠪᠠᠨ ᠵᠠᠶᠢᠯᠠᠵᠤ ᠬᠦᠢᠯᠡᠰᠦᠨ ᠪᠤᠯᠴᠢᠷᠬᠠᠢ ᠶᠢᠨ ᠬᠠᠪᠤᠳᠠᠷ᠂ ᠬᠠᠪᠤᠩ ᠪᠠᠭᠤᠯᠭᠠᠬᠤ ᠲᠡᠳᠦᠢ ᠦᠭᠡᠢ ᠠᠮᠠᠨ ᠤ ᠮᠠᠭᠤᠬᠠᠢ ᠦᠨᠦᠷ ᠠᠴᠠ ᠰᠠᠯᠤᠨ᠎ᠠ᠃     ⒍ ᠬᠤᠳᠤᠭᠤᠳᠤᠨ ᠤ ᠰᠢᠷᠬ᠎ᠠ ᠡᠳᠡᠭᠡᠬᠦ ᠳᠤ ᠲᠤᠰᠠᠳᠠᠢ C ᠠᠮᠢᠨ ᠲᠡᠮ ᠤᠨ ᠲᠤᠳᠠᠭᠳᠠᠯ ᠨᠢ ᠬᠤᠳᠤᠭᠤᠳᠤᠨ ᠤ ᠶᠠᠩᠵᠤ ᠪᠦᠷᠢ ᠶᠢᠨ ᠰᠢᠷᠬ᠎ᠠ ᠪᠤᠢ ᠪᠤᠯᠬᠤ ᠵᠡᠷᠭᠡ ᠰᠦᠭᠡᠷᠬᠦ ᠲᠠᠯ᠎ᠠ ᠲᠠᠢ᠃ ᠡᠶᠢᠮᠦ ᠦᠶ᠎ᠡ ᠳᠤ C ᠠᠮᠢᠨ ᠲᠡᠮ ᠤᠨ ᠲᠤᠳᠠᠭᠳᠠᠯ ᠢ ᠶᠠᠭᠠᠷᠠᠯᠳᠠᠢ ᠨᠦᠬᠦᠬᠦ ᠨᠢ ᠴᠢᠬᠤᠯᠠ ᠶᠤᠮ᠃ ᠪᠠᠰᠠ ᠰᠢᠷᠬ᠎ᠠ ᠠᠨᠠᠬᠤ ᠶᠠᠪᠤᠴᠠ ᠶᠢ ᠬᠤᠷᠳᠤᠰᠬᠠᠬᠤ ᠶᠢᠨ ᠲᠤᠯᠠᠳᠠ ᠲᠠᠪᠤᠰᠤ ᠲᠠᠢ ᠤᠰᠤ ᠪᠠᠷ ᠬᠤᠭᠤᠯᠠᠢ ᠪᠠᠨ ᠵᠠᠶᠢᠯᠠᠵᠤ ᠪᠠᠶᠢᠭᠠᠷᠠᠢ᠃     ⒎ ᠪᠤᠶᠢᠯᠠ ᠦᠷᠪᠢᠰᠬᠦ ᠲᠠᠪᠤᠰᠤ ᠲᠠᠢ ᠤᠰᠤ ᠨᠢ ᠡᠳ᠋ ᠡᠰ ᠶᠢᠨ ᠦᠷᠪᠢᠰᠦᠯ ᠢ ᠪᠠᠭᠠᠰᠬᠠᠵᠤ ᠲᠤᠬᠠᠢ ᠶᠢᠨ ᠬᠡᠰᠡᠭ ᠤᠨ ᠰᠢᠩᠭᠡᠨ ᠢ ︿ᠰᠤᠷᠤᠵᠤ﹀ ᠠᠪᠳᠠᠭ᠃ ᠲᠠᠪᠤᠰᠤ ᠠᠮᠠᠨ ᠳᠤ ᠤᠷᠤᠭᠠᠳ ᠪᠤᠶᠢᠯᠠ ᠪᠤᠯᠤᠨ ᠪᠤᠰᠤᠳ ᠬᠦᠷᠬᠦ ᠳᠤ ᠬᠡᠴᠡᠬᠦᠦ ᠬᠠᠮᠤᠭ ᠤᠨ ᠨᠠᠷᠢᠨ ᠵᠢᠵᠢᠭ ᠵᠠᠪᠰᠠᠷ ᠲᠤ ᠤᠷᠤᠵᠤ ᠪᠦᠬᠦ᠋ᠢᠯᠡ ᠮᠠᠭᠤ ᠪᠠᠺᠲ᠋ᠧᠷᠢ ᠶᠢ ᠬᠠᠮᠤᠨ ᠠᠪᠤᠨ᠎ᠠ᠃ ᠮᠦᠨ ᠲᠠᠪᠤᠰᠤᠨ ᠤ ᠠᠭᠤᠰᠤᠮᠠᠯ ᠨᠢ ᠬᠤᠭᠤᠯᠠᠨ ᠤ ᠦᠯᠡᠳᠡᠭᠳᠡᠯ ᠢ ᠰᠠᠶᠢᠨ ᠴᠡᠪᠡᠷᠯᠡᠬᠦ ᠪᠠ ᠡᠶᠢᠮᠦᠷᠬᠦᠦ ᠦᠯᠡᠳᠡᠭᠳᠡᠯ ᠨᠢ ᠡᠯᠳᠡᠪ ᠦᠷᠪᠢᠰᠦᠯ ᠡᠬᠦᠰᠭᠡᠳᠡᠭ ᠪᠢᠯᠡ᠃     ⒏ ᠰᠢᠳᠦ ᠡᠪᠡᠳᠬᠦ ᠰᠢᠳᠦ ᠡᠪᠡᠳᠬᠦ ᠦᠶ᠎ᠡ ᠳᠤ ᠰᠢᠳᠦᠨ ᠤ ᠡᠮᠴᠢ ᠳᠤ ᠨᠡᠩ ᠲᠦᠷᠦᠬᠦᠨ ᠳᠤ ᠬᠠᠨᠳᠤᠬᠤ ᠪᠤᠯᠪᠠᠴᠤ ᠡᠪᠡᠳᠴᠢᠨ ᠢ ᠲᠦᠷ ᠴᠤ ᠪᠤᠯᠪᠠ ᠨᠠᠮᠳᠠᠭᠠᠬᠤ ᠶᠢᠨ ᠲᠤᠯᠠᠳᠠ ᠲᠠᠪᠤᠰᠤᠨ ᠤ ᠠᠭᠤᠰᠤᠮᠠᠯ ᠢᠶᠠᠷ ᠠᠮᠠ ᠪᠠᠨ ᠵᠠᠶᠢᠯᠠᠵᠤ ᠪᠤᠯᠤᠨ᠎ᠠ᠃ ᠬᠡᠷᠪᠡ ᠰᠢᠳᠦᠨ ᠤ ᠡᠪᠡᠳᠴᠢᠨ ᠨᠢ ᠬᠠᠯᠳᠠᠪᠤᠷᠢ ᠶᠢᠨ ᠤᠯᠠᠮ ᠠᠴᠠ ᠪᠤᠢ ᠪᠤᠯᠤᠭᠰᠠᠨ ᠪᠤᠯ ᠡᠨᠡ ᠠᠷᠭ᠎ᠠ ᠠᠴᠢ ᠲᠤᠰᠠ ᠪᠠᠨ ᠦᠭᠬᠦᠨ᠎ᠡ᠃ ᠲᠠᠪᠤᠰᠤ ᠨᠢ ᠶᠠᠩᠵᠤ ᠪᠦᠷᠢ ᠶᠢᠨ ᠡᠬᠦᠰᠭᠡᠭᠴᠢ ᠮᠢᠺᠷᠤ᠋ ᠤᠷᠭᠠᠨᠢᠰᠢᠮ  ᠢ ᠤᠰᠠᠳᠬᠠᠳᠠᠭ ᠪᠠᠶᠢᠨ᠎ᠠ᠃ ᠰᠢᠳᠦ ᠪᠠᠨ ᠤᠳᠠᠭᠠᠨ ᠬᠤᠭᠤᠴᠠᠭ᠎ᠠ ᠪᠠᠷ ᠡᠷᠡᠬᠦᠯ ᠪᠠᠶᠢᠯᠭᠠᠬᠤ ᠶᠢᠨ ᠲᠤᠯᠠᠳᠠ ᠬᠤᠭᠤᠯᠠ ᠢᠳᠡᠬᠦ ᠪᠤᠯᠭᠠᠨ ᠤ ᠲᠠᠷᠠᠭ᠎ᠠ ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠵᠤ ᠪᠠᠶᠢᠭᠠᠷᠠᠢ᠃ ᠠᠭᠤᠰᠤᠮᠠᠯ ᠪᠡᠯᠡᠳᠭᠡᠬᠦ ᠲᠠᠪᠤᠰᠤᠨ ᠤ ᠠᠭᠤᠰᠤᠮᠠᠯ ᠪᠡᠯᠡᠳᠭᠡᠬᠦ ᠶᠢᠨ ᠲᠤᠯᠠᠳᠠ ᠲᠠᠯᠠᠢ ᠶᠢᠨ ᠪᠤᠯᠤᠨ ᠡᠩ ᠤᠨ ᠲᠠᠪᠤᠰᠤ ᠬᠡᠷᠡᠭᠯᠡᠬᠦ  ᠪᠠᠨ ᠶᠠᠮᠠᠷ ᠨᠢᠭᠡ ᠺᠤᠨᠰᠧᠷᠸᠠᠨᠲ᠂ ᠶᠤᠳ᠋ ᠪᠤᠯᠤᠨ ᠪᠤᠰᠤᠳ ᠬᠤᠯᠢᠴᠠ ᠦᠭᠡᠢ ᠪᠠᠶᠢᠬᠤ ᠬᠡᠷᠡᠭᠲᠡᠢ᠃ ᠡᠶᠢᠮᠦᠷᠬᠦᠦ ᠬᠤᠯᠢᠴᠠ ᠨᠢ ᠶᠠᠩᠵᠤ ᠪᠦᠷᠢ ᠶᠢᠨ ᠬᠢᠮᠤᠷᠠᠯ ᠡᠬᠦᠰᠭᠡᠵᠦ ᠪᠤᠯᠵᠤᠰᠢ ᠦᠭᠡᠢ᠃ ᠤᠰᠤ ᠨᠢ ᠮᠦᠨ ᠠᠳᠠᠯᠢ ᠡᠯᠳᠡᠪ ᠬᠤᠯᠢᠴᠠ ᠦᠭᠡᠢ ᠴᠡᠪᠡᠷ ᠪᠠᠶᠢᠬᠤ ᠶᠤᠰᠤᠳᠠᠢ ᠪᠠ ᠨᠡᠷᠡᠭᠰᠡᠨ᠂ ᠱᠦᠬᠦᠭᠰᠡᠨ᠂ ᠪᠤᠴᠠᠯᠭᠠᠭᠰᠠᠨ᠂ ᠪᠤᠷᠤᠭᠠᠨ ᠤ ᠤᠰᠤ ᠲᠠᠭᠠᠷᠠᠨ᠎ᠠ᠃    
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号