ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠤᠤ ᠳᠣᠷᠣᠭᠰᠢ ᠨᠢ | ᠬᠠᠷᠠᠭᠤᠯᠵᠤ ᠲᠠᠯᠪᠢᠬᠤ ᠤᠤ︖ | ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠶᠤᠮ ᠤᠤ ᠳᠣᠷᠣᠭᠰᠢ ᠨᠢ | ᠬᠠᠷᠠᠭᠤᠯᠵᠤ ᠲᠠᠯᠪᠢᠬᠤ ᠶᠤᠮ ᠤᠤ︖ ᠭᠡᠳᠡᠭ ᠢ ᠤᠯᠠᠩᠬᠢ ᠬᠦᠮᠦᠨ ᠬᠠᠷᠢᠨ ᠲᠠᠭ ᠮᠡᠳᠡᠳᠡᠭ ᠦᠭᠡᠢ᠃ ᠰᠠᠪᠬ᠎ᠠ ᠶᠢ | ᠪᠢᠳᠠ ᠡᠳᠤᠷ ᠲᠤᠳᠤᠮ ᠤᠨ ᠠᠮᠢᠳᠤᠷᠠᠯ ᠲᠤᠮᠳᠠ ᠦᠷᠬᠦᠯᠵᠢ ᠭᠡᠷᠡᠭᠯᠡᠳᠡᠭ᠃ ᠤᠰᠤ ᠪᠠᠷ ᠰᠠᠪᠬᠠᠨ ᠳᠡᠭᠡᠷᠡᠬᠢ | ᠣᠯᠠᠩᠬᠢ ᠪᠠᠺᠲ᠋ᠧᠷᠢ ᠶᠢ ᠨᠢ ᠤᠬᠢᠶᠠᠵᠤ ᠴᠡᠪᠡᠷᠯᠡᠴᠢᠭᠡᠳᠡᠭ ᠪᠤᠯᠪᠠᠴᠤ ᠮᠦᠨ ᠦᠯᠡᠳᠡᠪᠤᠷᠢ ᠪᠠᠺᠲ᠋ᠧᠷᠢ ᠲᠠᠢ ᠪᠠᠶᠢᠳᠠᠭ᠃ | | ᠡᠶᠢᠮᠦ ᠤᠴᠢᠷ ᠠᠴᠠ ᠰᠠᠪᠬ᠎ᠠ ᠪᠠᠨ ᠶᠠᠭᠠᠬᠢᠵᠤ ᠲᠠᠯᠪᠢᠬᠤ ᠲᠤᠬᠠᠢ ᠣᠨᠴᠠᠭᠠᠶᠢᠯᠠᠨ ᠠᠩᠬᠠᠷᠬᠤ ᠬᠡᠷᠡᠭᠲᠡᠶ᠃ ᠵᠠᠷᠢᠮ | ᠬᠦᠮᠦᠨ ᠦᠵᠤᠬᠦᠷ ᠢ ᠨᠢ ᠳᠡᠭᠡᠭᠰᠢ ᠨᠢ ᠬᠠᠷᠠᠭᠤᠯᠪᠠᠯ ᠨᠡᠩ ᠴᠡᠪᠡᠷ ᠭᠡᠬᠦ ᠳᠤ᠂ ᠵᠠᠷᠢᠮ ᠨᠢ ᠦᠵᠤᠬᠦᠷ ᠢ ᠨᠢ | ᠲᠤᠷᠤᠬᠰᠢ ᠨᠢ ᠬᠠᠷᠠᠭᠤᠯᠪᠠᠯ ᠨᠡᠩ ᠴᠡᠪᠡᠷ ᠭᠡᠵᠦ ᠦᠵᠡᠳᠡᠭ᠃ ᠲᠡᠭᠡᠪᠡᠯ ᠴᠤᠬᠤᠮ ᠶᠠᠭᠠᠬᠢᠵᠤ ᠲᠠᠯᠪᠢᠪᠠᠯ ᠴᠡᠪᠡᠷ ᠪᠤᠢ︖ | ᠲᠠᠯᠪᠢᠬᠤ ᠳᠠᠭᠠᠨ ᠶᠠᠭᠤ ᠶᠢ ᠠᠩᠬᠠᠷᠪᠠᠯ ᠵᠤᠬᠢᠬᠤ ᠪᠣᠶ︖ ᠁ | ᠦᠨᠡᠨ ᠳᠡᠭᠡᠨ ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠬᠤ ᠨᠢ ᠶᠡᠭᠡ | ᠪᠤᠵᠠᠷ ᠶᠤᠮ᠃ | ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠰᠠᠪᠬᠠᠨ ᠤ ᠬᠤᠨᠭ᠍ᠬᠢᠶᠠ ᠳᠤ ᠦᠵᠤᠬᠦᠷ ᠢ ᠨᠢ ᠲᠤᠷᠤᠬᠰᠢ ᠨᠢ | ᠬᠠᠷᠠᠭᠤᠯᠵᠤ ᠲᠠᠯᠪᠢᠬᠰᠠᠨ ᠲᠣᠬᠢᠶᠠᠯᠳᠣᠯ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ ᠪᠠ ᠪᠦᠳᠦᠭᠦᠨ | ᠭᠡᠳᠡᠰᠦᠨ ᠤ ᠪᠠᠺᠲ᠋ᠧᠷᠢ ᠶᠢᠨ ᠪᠦᠭᠡᠮᠨᠡᠷᠡᠯ ᠤᠨ ᠲᠤᠭ᠎ᠠ ᠬᠡᠮᠵᠢᠭᠳᠡᠯ ᠨᠢ ᠴᠥᠮ ᠮᠠᠰᠢ ᠥᠨᠳᠥᠷ ᠪᠠᠶᠢᠨ᠎ᠠ᠃ | ᠲᠡᠶᠢᠮᠦ ᠠᠴᠠ ᠰᠠᠪᠬ᠎ᠠ ᠪᠠᠨ ᠵᠠᠪᠠᠯ ᠳᠡᠭᠡᠭᠰᠢ ᠨᠢ ᠬᠠᠷᠠᠭᠤᠯᠵᠤ ᠲᠠᠯᠪᠢᠬᠤ ᠭᠡᠷᠡᠭᠳᠠᠢ᠃ ᠡᠭᠦᠨ ᠠᠴᠠ ᠭᠠᠳᠠᠨ᠎ᠠ | ᠤᠳᠠᠭᠠᠨ ᠡᠳᠤᠷ ᠬᠡᠷᠡᠭᠯᠡᠭᠰᠡᠨ ᠦᠭᠡᠢ ᠰᠠᠪᠬ᠎ᠠ ᠪᠠᠨ ᠪᠤᠴᠠᠯᠤᠭᠰᠠᠨ ᠤᠰᠤᠨ ᠳᠤ ᠳᠡᠪᠲᠦᠭᠡᠪᠠᠯ ᠰᠠᠪᠬᠠᠨ ᠳᠡᠭᠡᠷᠡᠬᠢ | ᠪᠠᠺᠲ᠋ᠧᠷᠢ ᠶᠢ ᠨᠢ ᠠᠯᠠᠬᠤ ᠳᠤ ᠲᠤᠰᠠᠳᠠᠢ ᠶᠤᠮ᠃ | ᠵᠠᠷᠢᠮ ᠠᠶᠢᠯ ᠠᠷᠢᠭᠤᠨ ᠴᠡᠪᠡᠷ ᠢ ᠶᠡᠭᠡ ᠠᠩᠬᠠᠷᠳᠠᠭ ᠪᠤᠯᠬᠤᠷ ᠭᠡᠷ ᠲᠡᠭᠡᠨ ᠦᠪᠡᠷ ᠦᠪᠡᠷ ᠤᠨ ᠢᠶᠠᠨ ᠰᠠᠪᠬ᠎ᠠ ᠶᠢ | ᠬᠡᠷᠡᠭᠯᠡᠳᠡᠭ᠃ ᠭᠡᠪᠡᠴᠦ ᠰᠠᠪᠬ᠎ᠠ ᠶᠢ ᠤᠳᠠᠭᠠᠨ ᠬᠡᠷᠡᠭᠯᠡᠪᠠᠯ ᠦᠡᠭᠭᠡ ᠨᠢ ᠤᠨᠠᠵᠤ ᠴᠠᠪᠠ ᠭᠠᠷᠬᠤ ᠨᠢ ᠲᠠᠮᠵᠢᠭ ᠦᠭᠡᠢ | ᠪᠣᠯᠬᠤᠷ ᠪᠦᠷᠢᠮᠦᠰᠦᠨ ᠴᠡᠪᠡᠷ ᠤᠬᠢᠶᠠᠵᠤ ᠲᠠᠶᠢᠯᠬᠦ ᠦᠭᠡᠢ ᠪᠤᠯᠵᠤ᠂ ᠬᠤᠲᠣᠭᠤᠷ ᠬᠦᠳᠤᠬᠦᠷ ᠲᠤᠨᠢ ᠪᠠᠺᠲ᠋ᠧᠷᠢ | ᠨᠢᠭᠤᠬᠳᠠᠨ᠂ ᠮᠤᠷᠦ᠋ᠢᠬᠤ ᠭᠠᠵᠢᠬᠤ ᠪᠠᠷ ᠪᠠᠷᠠᠬᠤ ᠦᠭᠡᠢ ᠸᠠᠯᠠᠬᠰᠠᠨ ᠲᠣᠯᠪᠤ ᠰᠠᠭᠤᠵᠤ ᠦᠮᠡᠭᠡᠢ ᠦᠨᠦᠷ ᠭᠠᠷᠳᠠᠭ᠃ | ᠲᠠᠶᠢᠮᠤ ᠠᠴᠠ ᠪᠠᠺᠲ᠋ᠧᠷᠢ ᠶᠢᠨ ᠬᠦᠯᠡᠮᠵᠢ ᠪᠤᠯᠤᠬᠰᠠᠨ ᠡᠳᠡᠭᠡᠷ ᠰᠠᠪᠬ᠎ᠠ ᠶᠢ ᠬᠠᠶᠢᠷᠠᠯᠠᠯ ᠦᠭᠡᠢ ᠰᠢᠭᠤᠳ ᠬᠠᠶᠠᠭᠠᠳ᠂ | ᠵᠤᠬᠢᠬᠤ ᠬᠤᠭᠤᠴᠠᠭᠠᠨ ᠳᠤ ᠰᠢᠨ᠎ᠠ ᠰᠠᠪᠬ᠎ᠠ ᠰᠤᠯᠢᠵᠤ ᠪᠠᠶᠢᠭᠠᠷᠠᠢ᠃ |