ᠴᠠᠭᠠᠨ ᠯᠤᠤᠪᠠᠩ ᠢᠳᠡᠪᠡᠯ ᠶᠠᠮᠠᠷ ᠰᠠᠶᠢᠨ ᠲᠠᠯ᠎ᠠ ᠲᠠᠢ ᠪᠤᠢ︖ | ᠮᠠᠷᠢᠶ᠎ᠠ ᠰᠢᠭᠤᠷᠠᠭᠤᠯᠬᠤ᠃ ᠴᠠᠭᠠᠨ ᠯᠤᠤᠪᠠᠩ ᠤᠨ ᠠᠭᠤᠯᠬᠤ ᠢᠯᠴᠢ ᠶᠢᠨ ᠬᠡᠮᠵᠢᠶ᠎ᠡ ᠨᠢ ᠨᠡᠯᠢᠶᠡᠳ ᠪᠠᠭ᠎ᠠ᠂ | ᠰᠢᠷᠬᠡᠭᠯᠢᠭ ᠡᠳ᠋ ᠨᠡᠯᠢᠶᠡᠳ ᠠᠷᠪᠢᠨ᠂ ᠢᠳᠡᠭᠰᠡᠨ ᠤ ᠳᠠᠷᠠᠭ᠎ᠠ ᠠᠮᠠᠷᠬᠠᠨ ᠴᠢᠨᠦᠷᠡᠬᠦ ᠲᠥᠷᠥᠭᠳᠡᠯ ᠭᠠᠷᠴᠤ᠂ | ᠮᠠᠷᠢᠶ᠎ᠠ ᠪᠠᠨ ᠰᠢᠭᠤᠷᠠᠭᠤᠯᠬᠤ ᠳᠤ ᠲᠤᠰᠠᠲᠠᠢ ᠪᠠᠶᠢᠳᠠᠭ᠃ ᠠᠭᠤᠯᠵᠤ ᠪᠠᠶᠢᠭ᠎ᠠ ᠭᠠᠶᠢᠮᠤ ᠶᠢᠨ ᠲᠣᠰᠣ ᠪᠠ ᠢᠳᠡᠭᠡᠨ ᠤ | ᠰᠢᠷᠬᠡᠭᠯᠢᠭ ᠨᠢ ᠴᠥᠮ ᠬᠤᠳᠣᠭᠤᠳᠤ ᠭᠡᠳᠡᠰᠦᠨ ᠤ ᠭᠦᠷᠪᠡᠯᠵᠡᠬᠦ ᠬᠥᠳᠡᠯᠭᠡᠭᠡᠨ ᠢ ᠠᠬᠢᠭᠤᠯᠵᠤ᠂ ᠪᠡᠶ᠎ᠡ ᠶᠢᠨ | ᠳᠣᠲᠣᠭᠠᠳᠤ ᠶᠢᠨ ᠰᠣᠯᠢᠯᠴᠠᠭ᠎ᠠ ᠶᠢ ᠠᠬᠢᠭᠤᠯᠵᠤ᠂ ᠬᠠᠶᠠᠭᠳᠠᠮᠠᠯ ᠪᠣᠳᠠᠰ ᠢ ᠭᠠᠳᠠᠭᠰᠢᠯᠠᠭᠤᠯᠬᠤ ᠳᠤ ᠲᠤᠰᠠᠲᠠᠢ᠃ | ᠠᠷᠠᠰᠤ ᠶᠢ ᠬᠠᠮᠠᠭᠠᠯᠠᠬᠤ᠃ ᠴᠠᠭᠠᠨ ᠯᠤᠤᠪᠠᠩ ᠳᠤ ᠸᠢᠲ᠋ᠠᠮᠢᠨ C ᠡᠯᠪᠡᠭ ᠠᠭᠤᠯᠵᠤ᠂ ᠴᠠᠶᠢᠷᠠᠭᠤᠯᠬᠤ | ᠦᠢᠯᠡᠳᠦᠯ ᠮᠠᠰᠢ ᠰᠠᠶᠢᠨ᠃ ᠸᠢᠲ᠋ᠠᠮᠢᠨ C ᠪᠣᠯ ᠢᠰᠦᠯᠳᠦᠬᠦ ᠶᠢ ᠡᠰᠡᠷᠭᠦᠴᠡᠬᠦ ᠡᠳ᠋ ᠮᠥᠨ᠂ ᠲᠡᠷᠡ ᠨᠢ ᠬᠠᠷ᠎ᠠ | ᠥᠩᠭᠡᠨ ᠤ ᠡᠳ᠋ ᠤᠨ ᠨᠡᠶᠢᠯᠡᠯᠲᠡ ᠶᠢ ᠬᠤᠷᠢᠭᠯᠠᠵᠤ᠂ ᠥᠭᠡᠬᠦ ᠶᠢᠨ ᠢᠰᠦᠯᠳᠦᠬᠦ ᠶᠢ ᠬᠤᠷᠢᠭᠯᠠᠳᠠᠭ᠃ | ᠡᠶᠢᠮᠦ ᠠᠴᠠ ᠦᠷᠭᠦᠯᠵᠢ ᠴᠠᠭᠠᠨ ᠯᠤᠤᠪᠠᠩ ᠢᠳᠡᠪᠡᠯ ᠠᠷᠠᠰᠤ ᠪᠠᠨ ᠬᠠᠮᠠᠭᠠᠯᠠᠬᠤ ᠳᠤ ᠲᠤᠰᠠᠲᠠᠢ ᠪᠠᠶᠢᠳᠠᠭ᠃ | ᠬᠡᠢ ᠶᠢ ᠨᠡᠪᠲᠡᠷᠡᠭᠦᠯᠬᠦ᠃ ᠴᠠᠭᠠᠨ ᠯᠤᠤᠪᠠᠩ ᠢᠳᠡᠪᠡᠯ ᠬᠤᠳᠣᠭᠤᠳᠤ ᠭᠡᠳᠡᠰᠦ ᠶᠢ ᠤᠯᠠᠮ ᠢᠯᠭᠤᠮ ᠪᠣᠯᠭᠠᠳᠠᠭ᠂ | ᠥᠭᠡᠷ᠎ᠡ ᠪᠠᠷ ᠬᠡᠯᠡᠪᠡᠯ ︽ᠬᠡᠢ ᠶᠢ ᠨᠡᠪᠲᠡᠷᠡᠭᠦᠯᠳᠡᠭ︾᠃ | ᠶᠠᠭᠠᠬᠢᠭᠠᠳ ᠴᠠᠭᠠᠨ ᠯᠤᠤᠪᠠᠩ ︽ᠬᠡᠢ ᠶᠢ ᠨᠡᠪᠲᠡᠷᠡᠭᠦᠯᠬᠦ︾ ᠦᠢᠯᠡᠳᠦᠯ ᠲᠠᠢ ᠪᠠᠶᠢᠳᠠᠭ ᠪᠤᠢ︖ | ᠴᠠᠭᠠᠨ ᠯᠤᠤᠪᠠᠩ ᠳᠤ ᠬᠤᠶᠠᠷ ᠵᠦᠢᠯ ᠤᠨ ᠤᠨᠴᠠᠭᠠᠢ ᠪᠦᠷᠢᠯᠳᠦᠭᠦᠨ ᠪᠠᠶᠢᠳᠠᠭ᠄ ᠨᠢᠭᠡ ᠨᠢ ᠳᠡᠭᠳᠡᠮᠡᠬᠡᠢ | ᠴᠢᠨᠠᠷᠲᠠᠢ ᠲᠣᠰᠣ - ᠭᠠᠶᠢᠮᠤ ᠶᠢᠨ ᠦᠷ᠎ᠡ ᠶᠢᠨ ᠲᠣᠰᠣ᠂ ᠵᠠᠷᠢᠮ ᠯᠤᠤᠪᠠᠩ ᠨᠡᠯᠢᠶᠡᠳ ᠭᠤᠱᠤᠭᠤᠨ ᠪᠠᠶᠢᠳᠠᠭ ᠤᠨ | ᠰᠢᠯᠲᠠᠭᠠᠨ ᠨᠢ ᠡᠨᠡ᠃ ᠨᠥᠭᠦᠭᠡ ᠨᠢᠭᠡ ᠨᠢ ᠴᠠᠭᠠᠨ ᠯᠤᠤᠪᠠᠩ ᠤᠨ ᠳᠣᠲᠣᠷᠠᠬᠢ ᠢᠳᠡᠭᠡᠨ ᠤ ᠰᠢᠷᠬᠡᠭᠯᠢᠭ ᠡᠳ᠋ | ᠪᠣᠯᠣᠨ᠎ᠠ᠃ ᠴᠠᠭᠠᠨ ᠯᠤᠤᠪᠠᠩ ᠢᠳᠡᠭᠰᠡᠨ ᠤ ᠳᠠᠷᠠᠭ᠎ᠠ᠂ ︽ᠳᠡᠭᠡᠭᠰᠢ︾ ︽ᠳᠣᠷᠣᠭᠰᠢ︾ ᠪᠦᠷ ᠨᠡᠪᠲᠡᠷᠡᠭᠦᠯᠳᠡᠭ - | ᠳᠠᠷᠤᠢ ᠳᠡᠭᠡᠭᠰᠢ ᠪᠠᠨ ᠭᠡᠭᠡᠷᠡᠭᠦᠯᠵᠤ᠂ ᠳᠣᠷᠣᠭᠰᠢ ᠪᠠᠨ ᠭᠡᠳᠡᠰᠦᠨ ᠤ ᠭᠦᠷᠪᠡᠯᠵᠡᠯ ᠴᠢᠩᠭᠠᠷᠠᠳᠠᠭ᠃ ᠡᠶᠢᠮᠦ ᠠᠴᠠ | ᠯᠤᠤᠪᠠᠩ ᠢᠳᠡᠭᠰᠡᠨ ᠤ ᠳᠠᠷᠠᠭ᠎ᠠ᠂ ᠪᠡᠶ᠎ᠡ ᠶᠢᠨ ᠰᠢᠩᠭᠡᠭᠡᠯᠲᠡ ᠬᠠᠷᠢᠴᠠᠩᠭᠤᠢ ᠪᠠᠷ ᠠᠮᠠᠷᠬᠠᠨ ᠪᠥᠭᠡᠳ ᠢᠯᠭᠤᠮ | ᠪᠤᠯᠳᠠᠭ᠃ ᠠᠭᠤᠰᠬᠢ ᠶᠢ ᠬᠠᠮᠠᠭᠠᠯᠠᠬᠤ᠃ ᠠᠩᠭ᠍ᠯᠢ ᠶᠢᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ | ᠠᠭᠤᠰᠬᠢᠨ ᠤ ᠬᠠᠯᠳᠠᠪᠤᠷᠢᠯᠠᠯ ᠣᠯᠠᠨ ᠡᠭᠦᠰᠬᠦ ᠬᠤᠭᠤᠴᠠᠭᠠᠨ ᠳᠤ ᠲᠣᠭᠤᠨᠣᠯᠵᠢᠨ ᠴᠡᠴᠡᠭ ᠤᠨ ᠲᠦᠷᠦᠯ ᠤᠨ | ᠢᠳᠡᠰᠢᠨ ᠨᠣᠭᠤᠭ᠎ᠠ ᠶᠢ ᠢᠯᠡᠭᠦᠦ ᠢᠳᠡᠪᠡᠯ ᠠᠭᠤᠰᠬᠢ ᠶᠢ ᠬᠠᠮᠠᠭᠠᠯᠠᠵᠤ᠂ ᠬᠠᠯᠳᠠᠪᠤᠷᠢᠯᠠᠯ ᠢ ᠪᠠᠭᠠᠰᠬᠠᠬᠤ | ᠦᠢᠯᠡᠳᠦᠯ ᠲᠠᠢ᠂ ᠴᠠᠭᠠᠨ ᠯᠤᠤᠪᠠᠩ ᠪᠣᠯ ᠳᠠᠷᠤᠢ ᠲᠣᠭᠤᠨᠣᠯᠵᠢᠨ ᠴᠡᠴᠡᠭ ᠤᠨ ᠲᠦᠷᠦᠯ ᠤᠨ ᠢᠳᠡᠰᠢᠨ | ᠨᠣᠭᠤᠭ᠎ᠠ ᠳᠤ ᠪᠠᠭᠲᠠᠨ᠎ᠠ᠃ | ᠴᠠᠭᠠᠨ ᠯᠤᠤᠪᠠᠩ ᠢ ᠲᠦᠭᠦᠬᠡᠢ ᠪᠠᠷ ᠢᠳᠡᠬᠦ ᠤᠤ ᠪᠣᠯᠭᠤᠵᠤ ᠢᠳᠡᠬᠦ ᠤᠤ︖ | ᠴ᠊ᠠᠭᠠᠨ ᠯᠤᠤᠪᠠᠩ ᠢ ᠲᠦᠭᠦᠬᠡᠢ ᠪᠠᠷ ᠢᠳᠡᠵᠦ ᠪᠣᠯᠣᠨ᠎ᠠ᠂ ᠭᠡᠪᠡᠴᠦ ᠴᠠᠭᠠᠨ ᠯᠤᠤᠪᠠᠩ ᠤᠨ ᠳᠣᠲᠣᠷ᠎ᠠ | ᠳᠡᠭᠳᠡᠮᠡᠬᠡᠢ ᠴᠢᠨᠠᠷᠲᠠᠢ ᠭᠠᠶᠢᠮᠤ ᠶᠢᠨ ᠨᠠᠶᠢᠷᠠᠯᠭ᠎ᠠ ᠶᠢᠨ ᠲᠣᠰᠣ ᠠᠭᠤᠯᠵᠤ ᠪᠠᠶᠢᠬᠤ ᠤᠴᠢᠷ ᠠᠴᠠ ᠭᠤᠱᠤᠭᠤᠨ | ᠠᠮᠲᠠ ᠲᠠᠢ᠂ ᠵᠠᠷᠢᠮ ᠨᠠᠶᠢᠵᠠ ᠨᠠᠷ ᠡᠨᠡ ᠬᠦ ᠰᠡᠳᠦᠯᠲᠡ ᠶᠢ ᠲᠡᠰᠪᠦᠷᠢᠯᠡᠵᠦ ᠳᠡᠶᠢᠯᠭᠦ ᠦᠭᠡᠢ ᠪᠠᠶᠢᠵᠤ ᠮᠡᠳᠡᠨ᠎ᠡ᠃ | ᠲᠦᠭᠦᠬᠡᠢ ᠪᠠᠷ ᠢᠳᠡᠬᠦ ᠨᠢ ᠴᠠᠭᠠᠨ ᠯᠤᠤᠪᠠᠩ ᠤᠨ ᠳᠣᠲᠣᠷᠠᠬᠢ ᠬᠥᠮᠥᠨ ᠤ ᠪᠡᠶ᠎ᠡ ᠳᠤ ᠠᠰᠢᠭᠲᠠᠢ ᠪᠦᠷᠢᠯᠳᠦᠭᠦᠨ ᠢ | ᠨᠡᠩ ᠪᠦᠷᠢᠨ ᠪᠦᠲᠦᠨ ᠬᠠᠳᠠᠭᠠᠯᠠᠵᠤ᠂ ᠪᠣᠯᠭᠤᠵᠤ ᠢᠳᠡᠬᠦ ᠨᠢ ᠡᠨᠡ ᠬᠦ ᠠᠰᠢᠭᠲᠠᠢ ᠪᠦᠷᠢᠯᠳᠦᠭᠦᠨ ᠢ | ᠠᠯᠳᠠᠭᠳᠠᠭᠤᠯᠵᠤ ᠮᠡᠳᠡᠳᠡᠭ᠃ ᠭᠡᠬᠦ ᠳᠡᠭᠡᠨ ᠪᠤᠯᠭᠤᠪᠡᠯ ᠭᠤᠱᠤᠭᠤᠨ ᠠᠮᠲᠠ ᠶᠢ ᠨᠢ ᠠᠷᠢᠯᠭᠠᠳᠠᠭ ᠠᠴᠠ ᠥᠪᠡᠷ | ᠥᠪᠡᠷ ᠤᠨ ᠪᠠᠶᠢᠳᠠᠯ ᠠᠴᠠ ᠡᠭᠦᠰᠴᠦ ᠢᠳᠡᠬᠦ ᠠᠷᠭ᠎ᠠ ᠪᠠᠨ ᠰᠣᠩᠭᠤᠭᠠᠷᠠᠢ᠃ |