ᠬᠡᠢ ᠴᠢᠰᠤ ᠶᠢ ᠬᠡᠮᠳᠦᠭᠡᠬᠦ 6 ᠤᠶᠢᠯᠡ ᠶᠠᠪᠤᠳᠠᠯ ᠢ ᠲᠠᠬᠢᠵᠦ ᠪᠢᠲᠡᠭᠡᠢ ᠬᠢᠭᠡᠷᠡᠢ︕
ᠨᠡᠶᠢᠲᠡᠯᠡᠭᠰᠡᠨ ᠴᠠᠭ᠄
2025/3/19
    ᠬᠡᠢ ᠴᠢᠰᠤ ᠶᠢ ᠬᠡᠮᠳᠦᠭᠡᠬᠦ 6 ᠤᠶᠢᠯᠡ ᠶᠠᠪᠤᠳᠠᠯ ᠪᠣᠯ ᠬᠤᠭᠤᠯᠠ ᠢᠳᠡᠬᠦ ᠶᠢᠨ ᠳᠠᠭᠠᠤ ᠸᠢᠳᠢᠣ᠋ ᠦᠵᠡᠬᠦ᠂ ᠪᠦᠬᠦ ᠪᠡᠶ᠎ᠡ ᠠᠴᠠ ᠪᠠᠨ ᠬᠥᠯᠥᠰᠥ ᠭᠠᠷᠳᠠᠯ᠎ᠠ ᠬᠥᠯ ᠢᠶᠠᠨ ᠤᠬᠢᠶᠠᠬᠤ᠂ ᠤᠳᠠᠭᠠᠨ ᠰᠠᠭᠤᠭᠠᠳ ᠬᠥᠳᠡᠯᠬᠦ ᠦᠭᠡᠢ ᠪᠤᠶᠤ ᠤᠳᠠᠭᠠᠨ ᠬᠡᠪᠲᠡᠭᠡᠳ ᠬᠥᠳᠡᠯᠬᠦ ᠦᠭᠡᠢ᠂ ᠰᠥᠨᠢᠵᠢᠨ ᠸᠢᠳᠢᠣ᠋ ᠦᠵᠡᠵᠤ ᠮᠠᠷᠭᠠᠰᠢ ᠨᠢ ᠦᠳᠡ ᠪᠣᠯᠲᠠᠯ᠎ᠠ ᠤᠨᠲᠠᠬᠤ᠂ ᠬᠦᠢᠲᠡᠨ ᠢᠳᠡᠭᠡᠨ ᠢᠳᠡᠬᠦ ᠳᠤᠷᠠᠲᠠᠶ ᠪᠠ ᠬᠤᠭᠤᠯᠠ ᠪᠠᠨ ᠭᠡᠳᠦᠷᠭᠡᠢ ᠤᠳᠠᠭᠠᠨ ᠴᠢᠨᠠᠬᠤ ᠵᠡᠷᠭᠡ ᠶᠠᠪᠤᠳᠠᠯ ᠪᠣᠯᠣᠨ᠎ᠠ᠂ ᠡᠳᠡᠭᠡᠷ ᠶᠠᠪᠤᠳᠠᠯ ᠮᠦᠷ ᠨᠢ ᠶᠠᠭ ᠴᠢᠨᠦ ᠬᠡᠢ ᠴᠢᠰᠤ ᠶᠢ ᠬᠤᠷᠣᠭᠳᠠᠭᠤᠯᠬᠤ ᠪᠣᠯᠬᠤᠷ ᠳᠠᠬᠢᠵᠤ ᠪᠢᠲᠡᠭᠡᠢ ᠬᠢᠭᠡᠷᠡᠢ︕     ᠪᠡᠶ᠎ᠡ ᠳᠤ ᠴᠢᠨᠢ ᠴᠢᠰᠦ ᠨᠦᠬᠦᠬᠦ 3 ᠠᠷᠭ᠎ᠠ᠄     ᠨᠢᠭᠡ ᠠᠶᠠᠭ᠎ᠠ ᠱᠥᠯᠥ᠄ ᠴᠢᠰᠦ ᠨᠥᠬᠦᠪᠥᠷᠢᠯᠡᠬᠦ ᠳ᠋ᠠᠩᠭᠦᠨ ᠲᠠᠢ ᠥᠨᠳᠡᠭᠡᠨ ᠤ ᠱᠥᠯᠥ     ᠬᠤᠨᠴᠢᠷ ︵黄芪︶ ᠪᠠ ᠳ᠋ᠠᠩᠭᠦᠨ ︵当归︶ ᠬᠤᠶᠠᠷ ᠵᠦᠢᠯ ᠤᠨ ᠡᠮ ᠢ 5᠄ 1 ᠶᠢᠨ ᠬᠠᠷᠢᠴᠠᠯ ᠢᠶᠠᠷ ᠨᠡᠶᠢᠯᠡᠬᠦᠯᠦᠨ ᠴᠢᠨᠠᠨ᠎ᠡ᠂ ᠡᠭᠦᠨ ᠳᠤ ᠳ᠋ᠠᠩᠭᠦᠨ ᠨᠢ ᠴᠢᠰᠤ ᠶᠢ ᠨᠥᠬᠦᠵᠦ ᠴᠢᠰᠦᠨ ᠬᠦᠶᠦᠳᠡᠯ ᠢ ᠰᠠᠶᠢᠵᠢᠷᠠᠭᠤᠯᠤᠨ᠎ᠠ᠂ ᠬᠤᠨᠴᠢᠷ ᠨᠢ ᠲᠠᠮᠢᠷ ᠢ ᠰᠠᠯᠬᠦᠵᠦ ᠴᠢᠰᠤ ᠶᠢ ᠲᠦᠯᠦᠵᠢᠬᠦᠯᠦᠨ᠎ᠡ᠃ ᠱᠥᠯᠥᠨ ᠳᠡᠭᠡᠨ ᠨᠢᠭᠡ ᠥᠨᠳᠡᠭᠡ ᠪᠠ ᠵᠣᠬᠢᠬᠤ ᠬᠡᠮᠵᠢᠶᠡᠨ ᠤ ᠤᠯᠠᠭᠠᠨ ᠰᠢᠬᠢᠷ ᠬᠢᠵᠦ ᠪᠣᠯᠤᠨ᠎ᠠ᠃     ᠨᠢᠭᠡ ᠬᠥᠳᠡᠯᠭᠡᠭᠡᠨ᠄ ᠬᠡᠢ ᠴᠢᠰᠤ ᠶᠢ ᠵᠣᠬᠢᠴᠠᠭᠤᠯᠤᠨ᠎ᠠ     ᠨᠠᠢᠮᠠᠨ ᠢᠵᠢ ᠬᠦᠳᠡᠯᠭᠡᠭᠡᠨ ︵八段锦︶ ᠤ ᠡᠮᠬᠢᠳᠭᠡᠯ ᠳᠣᠲᠣᠷᠠᠬᠢ ︽ᠬᠤᠶᠠᠷ ᠭᠠᠷ ᠢᠶᠠᠨ ᠲᠤᠯᠤᠭᠠᠢ ᠲᠡᠭᠡᠷ᠎ᠡ ᠪᠠᠨ ᠡᠷᠭᠦᠵᠦ ᠪᠡᠶ᠎ᠠ ᠶᠢᠨ ᠢᠶᠠᠨ ᠴᠤᠯᠤ ᠰᠠᠪᠠ ᠶᠢ ᠰᠠᠶᠢᠵᠢᠷᠠᠭᠤᠯᠬᠤ︾ ᠬᠥᠳᠡᠯᠭᠡᠭᠡᠨ ᠨᠢ ᠬᠡᠢ ᠴᠢᠰᠤ ᠶᠢ ᠵᠤᠬᠢᠴᠠᠭᠤᠯᠵᠤ᠂ ᠶᠠᠳᠠᠷᠠᠵᠦ ᠲᠠᠮᠢᠷᠳᠠᠬᠤ ᠶᠢ ᠰᠠᠶᠢᠵᠢᠷᠠᠭᠤᠯᠬᠤ ᠳᠤ ᠲᠤᠰᠠᠯᠠᠳᠠᠭ᠃     ᠨᠢᠭᠡ ᠪᠠᠯᠴᠢᠷ᠄ ᠬᠥᠯ ᠤᠨ ᠰᠠᠨ ᠯᠢ ᠪᠠᠯᠴᠢᠷ     ᠬᠥᠯ ᠤᠨ ᠢᠶᠠᠨ ᠰᠠᠨ ᠯᠢ ᠪᠠᠯᠴᠢᠷ ︵足三里穴︶ ᠢ ᠢᠯᠢᠵᠦ ᠨᠤᠬᠤᠯᠠᠪᠠᠯ ᠳᠡᠯᠢᠭᠦᠦ ᠬᠤᠳᠣᠭᠤᠳᠣ ᠶᠢ ᠰᠠᠶᠢᠵᠢᠷᠠᠭᠤᠯᠬᠤ᠂ ᠬᠡᠢ ᠴᠢᠰᠤ ᠶᠢ ᠲᠣᠬᠢᠷᠠᠭᠤᠯᠬᠤ ᠳᠤ ᠲᠤᠰᠠᠯᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号