ᠪᠤᠭᠤ ᠲᠣᠭᠯᠠᠭᠠᠮ ᠤᠨ ᠳᠦᠷᠢᠮ
ᠨᠡᠶᠢᠲᠡᠯᠡᠭᠰᠡᠨ ᠴᠠᠭ᠄
2025/3/26
    ᠨᠢᠭᠡ᠂ ᠪᠤᠭᠤ ᠲᠣᠭᠯᠠᠭᠠᠮ ᠤᠨ ᠬᠥᠯᠭᠡ ᠪᠣᠯᠤᠨ ᠳᠦᠷᠰᠦ     ᠪᠤᠭᠤ ᠲᠣᠭᠯᠠᠭᠠᠮ ᠤᠨ ᠬᠥᠯᠭᠡ ᠪᠣᠯ ᠶᠡᠭᠡ ᠠᠭᠤᠯᠠ᠂ ᠪᠠᠭ᠎ᠠ ᠠᠭᠤᠯᠠ ᠪᠣᠯᠤᠨ ᠲᠠᠯ᠎ᠠ ᠭᠡᠳᠡᠭ ᠭᠤᠷᠪᠠᠨ ᠬᠡᠰᠡᠭ ᠠᠴᠠ ᠪᠦᠷᠢᠯᠳᠦᠵᠦ᠂ ᠲᠡᠷᠡ ᠨᠢ ᠨᠠᠢᠮᠠᠨ ᠬᠡᠪᠲᠡᠭᠡ ᠱᠤᠭᠤᠮ᠂ ᠲᠠᠪᠤᠨ ᠪᠣᠰᠤᠭ᠎ᠠ ᠱᠤᠭᠤᠮ᠂ ᠨᠠᠢᠮᠠᠨ ᠲᠠᠰᠢᠭᠤ ᠱᠤᠭᠤᠮ ᠳᠡᠭᠡᠷ᠎ᠡ ᠡᠭᠦᠰᠦᠭᠰᠡᠨ ᠭᠤᠴᠢᠨ ᠲᠠᠪᠤᠨ ᠴᠡᠭ ᠠᠴᠠ ᠪᠦᠷᠢᠯᠳᠦᠳᠡᠭ ᠶᠤᠮ᠃     ᠬᠤᠶᠠᠷ᠂ ᠪᠤᠭᠤ ᠪᠠ ᠬᠤᠷᠢᠨ ᠳᠦᠷᠪᠡᠨ ᠨᠤᠬᠠᠢ ᠠᠴᠠ ᠪᠦᠷᠢᠯᠳᠦᠭᠰᠡᠨ ᠨᠠᠶᠢᠲᠡ ᠬᠤᠷᠢᠨ ᠵᠢᠷᠭᠤᠭᠠᠨ ᠲᠦᠷᠰᠦ ᠲᠠᠢ᠃ ᠪᠤᠭᠤ ᠠᠪᠤᠭᠰᠠᠨ ᠲᠣᠭᠯᠠᠭᠴᠢ ᠨᠢ ᠶᠡᠭᠡ ᠠᠭᠤᠯᠠ ᠶᠢᠨ ᠲᠠᠯ᠎ᠠ ᠳᠤ ᠰᠠᠭᠤᠵᠦ᠂ ᠨᠤᠬᠠᠢ ᠠᠪᠤᠭᠰᠠᠨ ᠨᠢ ᠶᠡᠭᠡ ᠠᠭᠤᠯᠠ ᠶᠢᠨ ᠲᠠᠯ᠎ᠠ ᠳᠤ ᠰᠠᠭᠤᠵᠦ᠂ ᠨᠤᠬᠠᠢ ᠠᠪᠤᠭᠰᠠᠨ ᠲᠣᠭᠯᠠᠭᠴᠢ ᠨᠢ ᠪᠠᠭ᠎ᠠ ᠠᠭᠤᠯᠠ ᠶᠢᠨ ᠲᠠᠯ᠎ᠠ ᠳᠤ ᠰᠠᠭᠤᠨ᠎ᠠ᠃     ᠬᠤᠶᠠᠷ ᠪᠤᠭᠤ ᠪᠣᠯᠤᠨ ᠨᠣᠬᠠᠶ ᠶᠢᠨ ᠨᠡᠭᠦᠳᠡᠯ ᠪᠠ ᠢᠳᠡᠯᠲᠡ     ᠪᠤᠭᠤ ᠶᠢᠨ ᠲᠠᠯ᠎ᠠ ᠡᠬᠢᠯᠡᠵᠦ ᠨᠡᠭᠦᠬᠦ ᠪᠥᠭᠡᠳ ᠳᠠᠷᠠᠭ᠎ᠠ ᠨᠢ ᠨᠣᠬᠠᠶ ᠶᠢᠨ ᠲᠠᠯ᠎ᠠ ᠠᠴᠠ ᠬᠥᠯᠭᠡ ᠳᠡᠭᠡᠷ᠎ᠡ ᠨᠣᠬᠠᠶ ᠪᠠᠨ ᠲᠠᠯᠪᠢᠨ᠎ᠠ᠃ ᠨᠣᠬᠠᠶ ᠶᠢᠨ ᠲᠠᠯ᠎ᠠ ᠨᠢ ᠨᠣᠬᠠᠶ ᠪᠠᠨ ᠲᠠᠯᠪᠢᠵᠤ ᠪᠠᠷᠠᠭᠰᠠᠨ ᠤ ᠳᠠᠷᠠᠭ᠎ᠠ ᠰᠠᠶ᠋ᠢ ᠬᠥᠯᠭᠡ ᠳᠡᠭᠡᠷᠡᠬᠢ ᠨᠣᠬᠠᠶ ᠪᠠᠨ ᠨᠡᠭᠦᠯᠭᠡᠵᠦ ᠲᠣᠭᠯᠠᠨ᠎ᠠ᠃ ᠪᠤᠭᠤ ᠶᠢᠨ ᠨᠡᠭᠦᠳᠡᠯ ᠨᠢ ᠨᠡᠭᠦᠬᠦ ᠡᠭᠡᠯᠵᠢᠨ ᠳᠤ ᠪᠠᠨ ᠳᠤᠷ᠎ᠠ ᠶᠢᠨ ᠨᠢᠭᠡᠨ ᠪᠣᠰᠤᠭ᠎ᠠ᠂ ᠬᠡᠪᠲᠡᠭᠡ᠂ ᠲᠠᠰᠢᠭᠤ ᠱᠤᠭᠤᠮ ᠤᠨ ᠳᠠᠭᠠᠤ ᠬᠤᠭᠤᠰᠣᠨ ᠪᠠᠭᠤᠳᠠᠯ ᠤᠷᠤᠭᠤ ᠨᠢᠭᠡ ᠠᠯᠬᠤᠮ ᠨᠡᠭᠦᠨ᠎ᠡ᠃ ᠪᠤᠭᠤ ᠪᠣᠯᠤᠨ ᠨᠣᠬᠠᠶ ᠶᠢᠨ ᠨᠡᠭᠦᠳᠡᠯ ᠨᠢ ᠠᠳᠠᠯᠢᠬᠠᠨ ᠪᠠᠶᠢᠳᠠᠭ᠃ ᠪᠤᠭᠤ ᠶᠢᠨ ᠢᠳᠡᠯᠲᠡ ᠨᠢ ᠨᠡᠭᠦᠬᠦ ᠡᠭᠡᠯᠵᠢᠨ ᠳᠤ ᠪᠠᠨ ᠳᠤᠷ᠎ᠠ ᠶᠢᠨ ᠨᠢᠭᠡᠨ ᠪᠣᠰᠤᠭ᠎ᠠ᠂ ᠬᠡᠪᠲᠡᠭᠡ᠂ ᠲᠠᠰᠢᠭᠤ ᠱᠤᠭᠤᠮ ᠤᠨ ᠳᠠᠭᠠᠤ ᠵᠡᠷᠭᠡᠴᠡᠵᠦ ᠪᠠᠶᠢᠭ᠎ᠠ ᠠᠷᠤ ᠳᠤ ᠪᠠᠨ ᠬᠤᠭᠤᠰᠣᠨ ᠪᠠᠭᠤᠳᠠᠯ ᠲᠠᠢ ᠨᠣᠬᠠᠶ ᠶᠢ ᠬᠠᠷᠠᠶᠢᠵᠦ ᠢᠳᠡᠭᠡᠳ ᠬᠤᠭᠤᠰᠣᠨ ᠪᠠᠭᠤᠳᠠᠯ ᠳᠡᠭᠡᠷ᠎ᠡ ᠨᠢ ᠰᠠᠭᠤᠨ᠎ᠠ᠃ ᠢᠳᠡᠯᠲᠡ ᠲᠠᠢ ᠦᠶ᠎ᠡ ᠳᠤ ᠰᠤᠯᠠ ᠨᠡᠭᠦᠵᠦ ᠪᠣᠯᠬᠤ ᠦᠭᠡᠢ᠂ ᠭᠡᠬᠦ ᠳᠤ ᠪᠠᠨ ᠨᠢᠭᠡ ᠨᠡᠭᠦᠳᠡᠯ ᠳᠤ ᠨᠢᠭᠡ ᠯᠡ ᠬᠠᠷᠠᠶᠢᠵᠤ ᠨᠢᠭᠡ ᠯᠡ ᠨᠣᠬᠠᠶ ᠢᠳᠡᠨ᠎ᠡ᠃ ᠨᠣᠬᠠᠶ ᠳᠤ ᠢᠳᠡᠯᠲᠡ ᠪᠠᠶᠢᠬᠤ ᠦᠭᠡᠢ᠃     ᠭᠤᠷᠪᠠ᠂ ᠬᠤᠵᠢᠬᠤ ᠪᠠ ᠬᠤᠵᠢᠭᠳᠠᠬᠤ     ⑴ ᠪᠤᠭᠤ ᠨᠢ ᠨᠣᠬᠠᠶ ᠨᠤᠭᠤᠳ ᠢ ᠢᠳᠡᠵᠦ ᠪᠠᠷᠠᠪᠠᠯ᠂ ᠪᠤᠭᠤ ᠶᠢᠨ ᠲᠠᠯ᠎ᠠ ᠬᠤᠵᠢᠨ᠎ᠠ᠃     ⑵ ᠬᠤᠶᠠᠷ ᠪᠤᠭᠤ ᠬᠤᠷᠢᠭᠳᠠᠵᠤ ᠵᠢᠳ ᠲᠤ ᠣᠷᠣᠪᠠᠯ᠂ ᠨᠣᠬᠠᠶ ᠶᠢᠨ ᠲᠠᠯ᠎ᠠ ᠬᠤᠵᠢᠨ᠎ᠠ᠃     ⑶ ᠨᠣᠬᠠᠶ ᠶᠢᠨ ᠲᠠᠯ᠎ᠠ ᠨᠢ ᠬᠤᠷᠢᠭ᠎ᠠ ᠲᠠᠢ ᠨᠡᠭᠦᠳᠡᠯ ᠨᠡᠭᠦᠪᠡᠯ ᠬᠤᠵᠢᠭᠳᠠᠨ᠎ᠠ᠃     ⑷ ᠪᠤᠭᠤ ᠶᠢᠨ ᠲᠠᠯ᠎ᠠ ᠨᠢ ᠬᠤᠷᠢᠭ᠎ᠠ ᠦᠭᠡᠢ ᠨᠡᠭᠦᠳᠡᠯ ᠣᠯᠵᠤ ᠴᠢᠳᠠᠪᠠᠯ ᠬᠤᠵᠢᠨ᠎ᠠ᠃     ⑸ ᠠᠯᠢ ᠨᠢᠭᠡᠨ ᠲᠠᠯ᠎ᠠ ᠨᠢ ᠬᠤᠵᠢᠭᠳᠠᠭᠰᠠᠨ ᠢᠶᠠᠨ ᠮᠡᠳᠡᠷᠡᠪᠡᠯ ᠨᠥᠭᠦᠭᠡ ᠲᠠᠯ᠎ᠠ ᠨᠢ ᠬᠤᠵᠢᠨ᠎ᠠ᠃     ᠳᠦᠷᠪᠡ᠂ ᠬᠤᠷᠢᠭ᠎ᠠ ᠲᠠᠢ ᠨᠡᠭᠦᠳᠡᠯ     ᠨᠣᠬᠠᠶ ᠶᠢᠨ ᠲᠠᠯ᠎ᠠ ᠨᠢ ᠬᠤᠯᠭᠢᠶ᠎ᠠ ᠨᠡᠭᠦᠳᠡᠯ ᠨᠡᠭᠦᠵᠦ ᠪᠣᠯᠬᠤ ᠦᠭᠡᠢ᠃ ᠬᠡᠷᠪᠡ ᠬᠤᠯᠭᠢᠶ᠎ᠠ ᠨᠡᠭᠦᠳᠡᠯ ᠢᠶᠠᠨ ᠭᠤᠷᠪᠠ ᠪᠤᠶᠤ ᠭᠤᠷᠪᠠ ᠠᠴᠡ ᠳᠡᠭᠡᠭᠰᠢ ᠤᠳᠠᠭ᠎ᠠ ᠳᠠᠪᠲᠠᠪᠠᠯ᠂ ᠨᠣᠬᠠᠶ ᠶᠢᠨ ᠲᠠᠯ᠎ᠠ ᠶᠢ ᠬᠤᠵᠢᠭᠳᠠᠭᠰᠠᠨ ᠳᠤ ᠲᠣᠭᠠᠴᠠᠨ᠎ᠠ᠃     ᠲᠠᠪᠤ᠂ ᠬᠤᠷᠢᠭ᠎ᠠ ᠦᠭᠡᠢ ᠨᠡᠭᠦᠳᠡᠯ     ᠪᠤᠭᠤ ᠶᠢᠨ ᠲᠠᠯ᠎ᠠ ᠨᠢ ᠶᠠᠮᠠᠷ ᠨᠢᠭᠡᠨ ᠨᠡᠭᠦᠳᠡᠯ ᠢ ᠳᠠᠪᠲᠠᠨ ᠨᠡᠭᠦᠵᠦ ᠲᠡᠭᠦᠨ ᠢᠶᠠᠷ ᠢᠶᠠᠨ ᠬᠠᠮᠠᠭᠠᠯᠠᠯᠲᠠ ᠬᠢᠵᠦ ᠪᠣᠯᠤᠨ᠎ᠠ᠃ ᠨᠣᠬᠠᠶ ᠶᠢᠨ ᠲᠠᠯ᠎ᠠ ᠨᠢ ᠡᠭᠦᠰᠦᠭᠰᠡᠨ ᠪᠠᠶᠢᠷᠢᠯᠠᠯ ᠢ ᠥᠭᠡᠷᠡᠴᠢᠯᠡᠵᠦ ᠴᠢᠳᠠᠬᠤ ᠦᠭᠡᠢ ᠪᠣᠯ ᠨᠣᠬᠠᠶ ᠶᠢᠨ ᠲᠠᠯ᠎ᠠ ᠶᠢ ᠬᠤᠵᠢᠭᠳᠠᠭᠰᠠᠨ ᠳᠤ ᠲᠣᠭᠠᠴᠠᠨ᠎ᠠ᠃
 
ᠢᠷᠡᠯᠲᠡ᠄ ᠮᠤᠩᠭᠤᠯᠴᠤᠳ ᠤᠨ ᠤᠶᠤᠨ ᠤ ᠲᠠᠮᠢᠷ ᠨᠤᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号