ᠬᠠᠭᠤᠴᠢᠨ ᠤ ᠦᠶ᠎ᠡ ᠳᠤ ᠮᠣᠩᠭᠤᠯᠴᠤᠳ ᠤᠨ ᠳᠤᠮᠳᠠ ᠮᠠᠰᠢ ᠤᠯᠠᠨ ᠴᠡᠭᠡᠷ ᠤᠯᠠᠮᠵᠢᠯᠠᠭᠳᠠᠵᠤ ᠪᠠᠶᠢᠵᠠᠢ᠃ | ᠡᠳᠦᠷ ᠳᠤᠲᠤᠮ ᠤᠨ ᠴᠡᠭᠡᠷᠯᠡᠯ ᠳᠤ᠄ | ᠡᠭᠦᠳᠡᠨ ᠪᠣᠱᠣᠭᠤ ᠳᠡᠭᠡᠷ᠎ᠡ ᠭᠢᠰᠬᠢᠵᠦ ᠪᠣᠯᠬᠤ ᠦᠭᠡᠢ᠂ ᠰᠠᠳᠤᠨ ᠲᠦᠷᠦᠯ ᠤᠨ ᠳᠤ ᠪᠠᠨ ᠠᠶᠢᠯᠴᠢᠯᠠᠬᠤ ᠳᠤ | ᠮᠠᠯᠠᠭᠠᠢ ᠪᠠᠨ ᠵᠥᠷᠢᠭᠦᠦ ᠪᠤᠷᠤᠭᠤ ᠵᠡᠭᠦᠵᠦ ᠪᠣᠯᠬᠤ ᠦᠭᠡᠢ᠂ ᠭᠠᠯ ᠤᠨ ᠬᠤᠪᠣᠩ᠂ ᠲᠤᠯᠭ᠎ᠠ ᠳᠡᠭᠡᠷ᠎ᠡ ᠲᠠᠮᠠᠬᠢᠨ ᠤ | ᠭᠠᠩᠰᠠ ᠲᠣᠭᠰᠢᠵᠤ ᠪᠣᠯᠬᠤ ᠦᠭᠡᠢ᠂ ᠮᠣᠷᠢ ᠯᠠᠭᠤᠰᠠ ᠨᠣᠬᠠᠢ ᠶᠢᠨ ᠮᠢᠬ᠎ᠠ ᠢᠳᠡᠬᠦ ᠶᠢ ᠴᠡᠭᠡᠷᠯᠡᠨ᠎ᠡ᠂ ᠵᠢᠭᠠᠰᠤ | ᠢᠳᠡᠬᠦ ᠶᠢ ᠴᠡᠭᠡᠷᠯᠡᠨ᠎ᠡ᠂ ᠳᠣᠯᠭᠢᠨ ᠲᠤᠭᠰᠢᠨ ᠰᠢᠪᠠᠭᠤᠳ ᠢ ᠠᠯᠠᠬᠤ ᠶᠢ ᠴᠡᠭᠡᠷᠯᠡᠨ᠎ᠡ᠂ ᠮᠣᠭᠠᠢ ᠠᠯᠠᠬᠤ ᠶᠢ | ᠴᠡᠭᠡᠷᠯᠡᠨ᠎ᠡ᠂ ᠭᠠᠳᠠᠨ᠎ᠠ ᠶᠢᠨ ᠬᠥᠮᠥᠨ ᠠᠶᠢᠯ ᠳᠤ ᠣᠷᠣᠬᠤ ᠳᠤ ᠪᠠᠨ ᠲᠠᠰᠢᠭᠤᠷ ᠬᠠᠵᠠᠭᠠᠷ ᠪᠣᠯᠣᠨ ᠱᠤᠤᠮᠠᠰᠠ | ᠡᠭᠦᠷᠴᠦ ᠭᠡᠷ ᠲᠤ ᠣᠷᠣᠵᠤ ᠪᠣᠯᠬᠤ ᠦᠭᠡᠢ᠂ ᠤᠨᠲᠠᠬᠤ ᠦᠶ᠎ᠡ ᠳᠤ ᠬᠥᠯ ᠢᠶᠠᠨ ᠪᠠᠷᠠᠭᠤᠨ ᠬᠤᠶᠢᠰᠢ ︵ᠪᠤᠷᠬᠠᠨ | ᠲᠠᠬᠢᠯ ᠥᠭᠡᠳᠡ︶ ᠬᠠᠨᠳᠤᠭᠤᠯᠵᠤ ᠬᠡᠪᠲᠡᠵᠦ ᠪᠣᠯᠬᠤ ᠦᠭᠡᠢ᠂ ᠪᠤᠰᠤᠳ ᠤᠨ ᠲᠣᠯᠣᠭᠠᠢ ᠳᠤ ᠭᠠᠷ ᠬᠦᠷᠬᠦ ᠶᠢ | ᠴᠡᠭᠡᠷᠯᠡᠨ᠎ᠡ᠂ ᠡᠮᠡᠭᠲᠡᠢ ᠬᠥᠮᠥᠨ ᠥᠮᠥᠳᠦ ᠪᠠᠨ ᠡᠷᠦᠢ ᠬᠤᠷᠤᠢ ᠦᠭᠡᠢ ᠡᠯᠭᠦᠵᠦ ᠲᠠᠯᠪᠢᠵᠤ ᠪᠣᠯᠬᠤ ᠦᠭᠡᠢ᠂ | ᠬᠡᠦᠬᠡᠳ ᠡᠮᠡᠭᠲᠡᠢ ᠬᠥᠮᠥᠨ ᠤ ᠰᠤᠭᠤᠨ ᠳᠣᠣᠭᠤᠷ ᠰᠢᠷᠭᠤᠬᠤ ᠦᠭᠡᠢ᠂ ᠰᠦᠮ᠎ᠡ ᠬᠡᠶᠢᠳ ᠤᠨ ᠮᠣᠳᠣ ᠶᠢ | ᠳᠤᠷ᠎ᠠ ᠪᠠᠷ ᠣᠭᠲᠣᠯᠵᠤ ᠪᠣᠯᠬᠤ ᠦᠭᠡᠢ᠃ | ᠪᠠᠶᠠᠷ ᠳᠤᠷᠠᠰᠬᠠᠯ ᠤᠨ ᠡᠳᠦᠷ ᠤᠨ ᠴᠡᠭᠡᠷ᠄ ᠪᠢᠲᠡᠭᠦᠨ ᠤ ᠣᠷᠣᠢ ᠪᠡᠯᠭᠡ ᠳᠡᠮᠪᠡᠷᠢᠯ ᠦᠭᠡᠢ ᠦᠭᠡ | ᠬᠡᠯᠡᠳᠡᠭ ᠦᠭᠡᠢ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠭᠠᠵᠠᠷ ᠱᠦᠭᠦᠷᠳᠡᠬᠦ᠂ ᠠᠮᠢᠳᠠᠨ ᠢ ᠠᠯᠠᠬᠤ᠂ | ᠡᠳ᠋ ᠥᠯᠥᠭ ᠢᠶᠠᠨ ᠡᠪᠳᠡᠯᠡᠵᠦ ᠬᠠᠭᠠᠯᠬᠤ ᠶᠢ ᠴᠡᠭᠡᠷᠯᠡᠨ᠎ᠡ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠲᠠᠪᠤᠨ | ᠪᠣᠯᠳᠠᠯ᠎ᠠ ᠵᠡᠭᠦᠦ ᠤᠲᠠᠰᠤ ᠬᠥᠳᠡᠯᠭᠡᠬᠦ ᠶᠢ ᠴᠡᠭᠡᠷᠯᠡᠨ᠎ᠡ᠃ | ᠤᠷᠤᠭ ᠬᠤᠷᠢᠮ ᠤᠨ ᠴᠡᠭᠡᠷ᠄ ᠬᠡᠷᠯᠡᠬᠦ ᠳᠤ ᠡᠮᠡᠭᠲᠡᠢ ᠬᠥᠮᠥᠨ ᠡᠷᠡᠭᠲᠡᠢ ᠠᠴᠠ ᠪᠠᠨ ᠨᠢᠭᠡ ᠨᠠᠰᠤ | ᠶᠡᠭᠡ ᠶᠢ ᠴᠡᠭᠡᠷᠯᠡᠬᠦ᠂ ᠠᠤᠬᠠᠨ ᠤ ᠭᠠᠵᠠᠷ ᠣᠷᠣᠨ ᠳᠤ ᠠᠬ᠎ᠠ ᠨᠢ ᠨᠠᠰᠤ ᠪᠠᠷᠠᠪᠠᠯ ᠳᠡᠭᠦᠦ ᠨᠢ ᠪᠡᠷᠭᠡᠨ ᠲᠠᠢ ᠪᠠᠨ | ᠰᠠᠭᠤᠵᠤ ᠪᠣᠯᠬᠤ ᠪᠣᠯᠪᠠᠴᠤ᠂ ᠳᠡᠭᠦᠦ ᠨᠢ ᠨᠠᠰᠤ ᠪᠠᠷᠠᠪᠠᠯ ᠠᠬ᠎ᠠ ᠨᠢ ᠳᠡᠭᠦᠦ ᠶᠢᠨ ᠢᠶᠠᠨ ᠡᠬᠡᠨᠡᠷ ᠲᠠᠢ ᠰᠠᠭᠤᠵᠤ | ᠪᠣᠯᠳᠠᠭ ᠦᠭᠡᠢ᠃ | ᠬᠡᠦᠬᠡᠳ ᠬᠥᠩᠭᠡᠵᠢᠬᠦ ᠴᠡᠭᠡᠷ᠄ ᠬᠥᠩᠭᠡᠵᠢᠭᠰᠡᠨ ᠡᠮᠡᠭᠲᠡᠢ ᠶᠢᠨ ᠭᠡᠷ ᠲᠤ ᠲᠠᠨᠢᠯ ᠪᠤᠰᠤ ᠬᠥᠮᠥᠨ ᠣᠷᠣᠬᠤ ᠶᠢ | ᠴᠡᠭᠡᠷᠯᠡᠬᠦ᠂ ᠬᠦᠦ ᠲᠠᠢ ᠪᠣᠯᠪᠠᠯ ᠭᠡᠷ ᠤᠨ ᠡᠭᠦᠳᠡᠨ ᠳᠡᠭᠡᠷ᠎ᠡ ᠪᠠᠨ ᠨᠤᠮᠤ ᠰᠤᠮᠤ ᠡᠯᠭᠦᠵᠦ᠂ ᠬᠡᠦᠬᠡᠨ ᠲᠠᠢ ᠪᠣᠯᠪᠠᠯ | ᠤᠯᠠᠭᠠᠨ ᠪᠦᠰᠡ ᠡᠯᠭᠦᠵᠦ᠂ ᠬᠥᠩᠭᠡᠵᠢᠵᠦ ᠨᠢᠷᠠᠶᠢᠯᠠᠬᠤ ᠦᠶ᠎ᠡ ᠳᠤ ᠲᠡᠭᠷᠢ ᠶᠢᠨ ᠨᠣᠬᠠᠢ ᠶᠢᠨ ᠵᠦᠭ ᠬᠠᠨᠳᠤᠭᠤᠯᠵᠤ | ᠰᠠᠭᠤᠯᠭᠠᠬᠤ ᠶᠢ ᠴᠡᠭᠡᠷᠯᠡᠬᠦ᠃ ᠳᠠᠷᠤᠢ ᠲᠡᠭᠷᠢ ᠶᠢᠨ ᠬᠠᠷ᠎ᠠ ᠨᠣᠬᠠᠢ ᠬᠠᠪᠤᠷ ᠤᠨ ᠤᠯᠠᠷᠢᠯ ᠳᠤ ᠵᠡᠭᠦᠨ ᠵᠦᠭ᠂ ᠵᠤᠨ ᠤ | ᠭᠤᠷᠪᠠᠨ ᠰᠠᠷ᠎ᠠ ᠳᠤ ᠡᠮᠦᠨ᠎ᠡ ᠵᠦᠭ ᠲᠤ᠂ ᠨᠠᠮᠤᠷ ᠤᠨ ᠤᠯᠠᠷᠢᠯ ᠳᠤ ᠪᠠᠷᠠᠭᠤᠨ ᠵᠦᠭ ᠲᠤ᠂ ᠡᠪᠦᠯ ᠤᠨ ᠤᠯᠠᠷᠢᠯ ᠳᠤ | ᠤᠮᠠᠷ᠎ᠠ ᠵᠦᠭ ᠲᠤ ᠠᠮᠠ ᠪᠠᠨ ᠠᠩᠭᠠᠶᠢᠵᠤ ᠣᠷᠣᠰᠢᠳᠠᠭ ᠲᠤᠯᠠ ᠲᠡᠭᠷᠢ ᠶᠢᠨ ᠬᠠᠷ᠎ᠠ ᠨᠣᠬᠠᠢ ᠶᠢᠨ ᠠᠮᠠᠨ ᠵᠦᠭ | ᠬᠠᠨᠳᠤᠭᠤᠯᠵᠤ ᠰᠠᠭᠤᠯᠭᠠᠬᠤ ᠶᠢ ᠴᠡᠭᠡᠷᠯᠡᠳᠡᠭ ᠶᠤᠮ᠃ ᠰᠠᠷ᠎ᠠ ᠳᠤ ᠰᠠᠭᠤᠭᠰᠠᠨ ᠡᠮᠡᠭᠲᠡᠢ ᠳᠤ ᠲᠦᠭᠦᠬᠡᠢ ᠳᠠᠪᠤᠰᠤ | ᠢᠳᠡᠭᠦᠯᠬᠦ ᠶᠢ ᠴᠡᠭᠡᠷᠯᠡᠳᠡᠭ᠃ ᠬᠡᠦᠬᠡᠳ ᠰᠠᠷ᠎ᠠ ᠳᠦᠭᠦᠷᠬᠦ ᠳᠤ ︽ᠤᠷᠳᠤ ᠨᠠᠰᠤᠯᠠᠬᠤ ᠭᠤᠯᠢᠷ ᠪᠤᠳᠠᠭ᠎ᠠ︾ ᠳᠤ ᠮᠢᠬ᠎ᠠ | ᠬᠢᠬᠦ ᠶᠢ ᠴᠡᠭᠡᠷᠯᠡᠨ᠎ᠡ᠂ ᠰᠠᠷ᠎ᠠ ᠶᠢᠨ ᠬᠤᠷᠢᠮ ᠳᠤ ᠣᠷᠣᠯᠴᠠᠭᠰᠠᠳ ᠬᠡᠦᠬᠡᠳ ᠲᠤ ᠵᠣᠭᠤᠰ ᠪᠤᠶᠤ ᠬᠤᠪᠴᠠᠰᠤ | ᠬᠤᠨᠠᠷ ᠤᠨ ᠵᠦᠢᠯ ᠱᠠᠩᠨᠠᠨ᠎ᠠ᠂ ᠭᠡᠪᠡᠴᠦ ᠮᠠᠯᠠᠭᠠᠢ ᠥᠭᠴᠦ ᠪᠣᠯᠬᠤ ᠦᠭᠡᠢ᠃ | ᠣᠷᠣᠰᠢᠭᠤᠯᠭ᠎ᠠ ᠶᠢᠨ ᠴᠡᠭᠡᠷ᠄ ᠨᠠᠰᠤ ᠪᠠᠷᠠᠭᠴᠢ ᠶᠢᠨ ᠴᠢᠨᠳᠠᠷ ᠢ ᠭᠠᠷᠭᠠᠬᠤ ᠦᠶ᠎ᠡ ᠳᠤ ᠠᠪᠰᠠ ᠳᠠᠮᠨᠠᠭᠴᠢ | ︽ᠬᠦᠨᠳᠦ︾ ᠭᠡᠵᠦ ᠬᠡᠯᠡᠬᠦ ᠶᠢ ᠴᠡᠭᠡᠷᠯᠡᠬᠦ᠂ ᠨᠠᠰᠤ ᠪᠠᠷᠠᠭᠰᠠᠨ ᠬᠥᠮᠥᠨ ᠢ ᠦᠭᠡᠶᠢᠯᠡᠬᠦ ᠪᠠᠷ ᠣᠴᠢᠬᠤ ᠳᠤ ᠬᠤᠷᠴᠠ | ᠬᠢᠯᠠᠭᠠᠷ ᠥᠩᠭᠡᠲᠡᠢ ᠬᠤᠪᠴᠠᠰᠤ ᠡᠮᠦᠰᠬᠦ ᠶᠢ ᠴᠡᠭᠡᠷᠯᠡᠬᠦ᠂ ᠬᠤᠶᠢᠲᠤ ᠬᠡᠰᠡᠭ ᠤᠨ ᠵᠠᠷᠢᠮ ᠮᠠᠯᠵᠢᠬᠤ ᠣᠷᠣᠨ ᠳᠤ | ᠡᠮᠡᠭᠲᠡᠢ ᠬᠥᠮᠥᠨ ᠤᠩᠭᠤᠨ ᠤ ᠭᠠᠵᠠᠷ ᠣᠴᠢᠬᠤ ᠶᠢ ᠴᠡᠭᠡᠷᠯᠡᠳᠡᠭ᠃ | | |