ᠭᠠᠯ ᠲᠠᠬᠢᠬᠤ
ᠨᠡᠶᠢᠲᠡᠯᠡᠭᠰᠡᠨ ᠴᠠᠭ᠄
2010/9/28
      ᠭᠠᠯ ᠲᠠᠬᠢᠬᠤ ᠪᠤᠯ ᠰᠦᠨᠢᠳ ᠮᠤᠩᠭᠤᠯᠴᠤᠳ ᠤᠨ ᠲᠦᠭᠡᠮᠡᠯ ᠲᠠᠳᠬᠠᠯ ᠪᠤᠯᠤᠨ᠎ᠠ᠃ ᠰᠦᠨᠢᠳ ᠲᠤ ᠭᠠᠯ ᠢ ᠶᠡᠭᠡ ᠡᠷᠬᠢᠮᠯᠡᠨ ᠭᠦᠨᠳᠦᠳᠬᠡᠵᠦ ᠦᠭᠡᠳᠡᠯᠡᠨ ᠮᠠᠨᠳᠤᠵᠦ ᠦᠷᠨᠢᠨ ᠲᠡᠭᠵᠢᠷᠡᠬᠦ ᠶᠢᠨ ᠪᠡᠯᠭᠡᠳᠡᠯ ᠪᠤᠯᠭᠠᠨ ᠦᠵᠡᠳᠡᠭ᠃       ᠰᠦᠨᠢᠳ ᠤᠨ ᠲᠠᠳᠬᠠᠯ ᠢᠶᠠᠷ ᠬᠠᠷᠠᠴᠤ ᠠᠶᠢᠯ ᠬᠤᠷᠢᠨ ᠭᠤᠷᠪᠠᠨ ᠳᠤ ᠲᠠᠶᠢᠵᠢ ᠢᠵᠠᠭᠤᠷᠳᠠᠨ ᠬᠤᠷᠢᠨ ᠲᠦᠷᠪᠡᠨ ᠳᠤ ᠠᠶᠢᠯ ᠪᠤᠯᠭᠠᠨ ᠭᠠᠯ ᠲᠠᠬᠢᠳᠠᠭ ᠪᠠᠶᠢᠵᠠᠢ᠃ ᠡᠨᠡ ᠬᠤᠶᠠᠷ ᠡᠳᠦᠷ ᠤᠨ ᠦᠳᠡ ᠪᠤᠶᠤ ᠦᠳᠡ ᠶᠢᠨ ᠬᠤᠶᠢᠨ᠎ᠠ ᠭᠠᠯ ᠲᠠᠬᠢᠯᠭ᠎ᠠ ᠶᠢᠨ ᠴᠠᠢ ᠤᠤᠭᠤᠳᠠᠭ ᠵᠠᠩᠰᠢᠯ ᠲᠠᠢ᠃ ᠤᠷᠤᠢ ᠤᠳᠤ ᠪᠦᠷᠢᠨ ᠲᠦᠬᠡᠭᠰᠡᠨ ᠤ ᠲᠠᠷᠠᠭ᠎ᠠ ᠰᠦ ᠲᠠᠢ ᠴᠠᠢ ᠴᠢᠨᠠᠵᠦ ᠭᠠᠯ ᠲᠠᠬᠢᠬᠤ ᠳᠤ ᠪᠡᠯᠡᠳᠬᠡᠭᠰᠡᠨ ᠠᠷᠴᠠ᠂ ᠽᠠᠨᠳᠠᠨ᠂ ᠴᠠᠭᠠᠨ ᠬᠤᠨᠢᠨ ᠤ ᠡᠪᠴᠢᠬᠦᠤ ᠪᠠᠷ ᠲᠠᠯᠠᠯᠠᠯᠭ᠎ᠠ ᠠᠪᠴᠤ᠂ ᠲᠡᠬᠦᠨ ᠤ ᠪᠠᠨ ᠲᠡᠭᠡᠷ᠎ᠡ ᠠᠷᠢᠬᠢ᠂ ᠰᠢᠷ᠎ᠠ ᠲᠤᠰᠤ᠂ ᠦᠷᠦᠮ᠎ᠡ᠂ ᠬᠤᠷᠤᠳ᠂ ᠰᠢᠷ᠎ᠠ ᠪᠤᠳᠠᠭ᠎ᠠ ᠂ ᠴᠠᠢ ᠬᠠᠯᠢᠮᠠᠭ ᠬᠢᠯᠭᠠᠨ᠎ᠠ᠂ ᠤᠯᠠᠭᠠᠨ ᠴᠢᠪᠠᠭ᠎ᠠ᠂ ᠪᠤᠤᠪᠤ᠂ ᠦᠡᠭᠭᠡ ᠦᠡᠭᠭᠡ ᠶᠢᠨ ᠲᠤᠷᠭ᠎ᠠ ᠲᠤᠷᠳᠤᠩ ᠤᠨ ᠦᠭᠡᠳᠡᠰᠦ ᠵᠡᠷᠭᠡᠮᠵᠢ ᠶᠢ ᠪᠡᠯᠡᠳᠬᠡᠵᠦ ᠭᠠᠯ ᠲᠠᠬᠢᠬᠤ ᠳᠤ ᠬᠡᠷᠡᠭᠯᠡᠬᠦ ᠪᠡᠯᠡᠬᠡᠨ ᠲᠠᠯᠪᠢᠳᠠᠭ᠃       ᠭᠠᠯ ᠢᠶᠠᠨ ᠲᠠᠬᠢᠬᠤ ᠳᠤ ᠭᠡᠷ ᠤᠨ ᠬᠦᠮᠦᠰ ᠤᠨ ᠶᠡᠭᠡ ᠪᠠᠭ᠎ᠠ ᠦᠬᠡᠢ ᠰᠢᠨ᠎ᠡ ᠶᠢᠨ ᠬᠤᠪᠴᠠᠰᠦ ᠪᠠᠨ ᠡᠮᠦᠰᠴᠦ ᠵᠠᠰᠠᠵᠦ ᠴᠢᠮᠡᠭᠯᠡᠳᠡᠭ᠃ ᠭᠠᠯ ᠲᠠᠬᠢᠬᠤ ᠳᠠᠭᠠᠨ ᠲᠤᠯᠭ᠎ᠠ ᠶᠢᠨ ᠭᠠᠯ ᠢᠶᠠᠨ ᠰᠠᠶᠢᠬᠠᠨ ᠬᠦᠭᠵᠢᠬᠡᠵᠦ ᠲᠤᠯᠭ᠎ᠠ ᠶᠢᠨ ᠲᠦᠷᠪᠡᠨ ᠲᠤᠭᠳᠠᠭ᠎ᠠ ᠳᠤᠨᠢ ᠰᠠᠮᠠᠵᠠ ᠡᠯᠬᠦᠵᠦ ᠲᠠᠯᠪᠢᠨ᠎ᠠ᠃ ᠲᠤᠯᠭ᠎ᠠ ᠶᠢᠨ ᠡᠮᠦᠨ᠎ᠡ ᠰᠢᠷᠢᠮᠠᠯ ᠰᠢᠨ᠎ᠡ ᠰᠢᠷᠳᠡᠭ ᠲᠡᠪᠢᠰᠴᠤ ᠭᠡᠷ ᠤᠨ ᠡᠵᠡᠩᠳᠡᠢ ᠨᠢ ᠬᠤᠪᠴᠠᠰᠤ ᠬᠤᠨᠠᠷ ᠢᠶᠠᠨ ᠲᠡᠭᠰᠢ ᠡᠮᠦᠰᠴᠦ ᠽᠠᠨᠳᠠᠨ ᠮᠤᠳᠤ ᠬᠢᠯᠭᠠᠨ᠎ᠠ ᠡᠪᠡᠰᠦ ᠰᠢᠳᠠᠭᠠᠵᠦ ᠲᠡᠮᠡᠬᠡᠨ ᠤᠳᠠᠰᠤ ᠪᠠᠷ ᠤᠷᠢᠶᠠᠵᠦ᠂ ᠲᠤᠷᠭ᠎ᠠ ᠲᠤᠷᠳᠤᠩ ᠤᠨ ᠦᠬᠡᠳᠡᠰᠤ ᠪᠠᠷ ᠵᠠᠰᠠᠵᠦ ᠴᠢᠮᠡᠭᠰᠡᠨ ᠡᠪᠴᠢᠬᠦᠤ ᠪᠠᠨ ᠭᠠᠯ ᠳᠠᠭᠠᠨ ᠡᠷᠬᠦᠵᠦ ᠭᠤᠷᠪᠠᠨ ᠬᠡᠮ ᠠᠷᠢᠬᠢ ᠡᠷᠬᠦᠭᠡᠳ ᠪᠦᠬᠦᠳᠡᠭᠡᠷ ᠢᠶᠠᠨ ᠰᠦᠬᠦᠳᠴᠦ ᠭᠠᠯ ᠳᠠᠭᠠᠨ ᠭᠤᠷᠪᠠᠨᠳᠠ ᠮᠦᠷᠬᠦᠵᠦ ᠲᠠᠷᠠᠭ᠎ᠠ ᠨᠢ ᠭᠠᠯ ᠲᠠᠬᠢᠬᠤ ᠰᠤᠳᠤᠷ ᠤᠡᠭᠰᠢᠳᠠᠭ ᠪᠠᠶᠢᠵᠠᠢ᠃ ᠢᠡᠭᠬᠢᠭᠡᠳ ᠭᠠᠯ ᠳᠠᠭᠠᠨ ᠠᠷᠢᠬᠢ ᠰᠢᠷ᠎ᠠ ᠲᠤᠰᠤ ᠲᠤᠰᠤᠭᠠᠵᠦ᠂ ᠦᠪᠡᠷ ᠤᠨ ᠰᠦᠰᠦᠭ ᠪᠢᠰᠢᠷᠡᠯ ᠤᠨ ᠡᠬᠦᠳᠡᠨ ᠠᠴᠠ ᠪᠦᠰ ᠤᠨ ᠦᠭᠡᠳᠡᠰᠦ ᠴᠢᠪᠠᠭ᠎ᠠ ᠲᠡᠷᠢᠬᠦᠳᠡᠨ ᠢ ᠭᠠᠯ ᠳᠠᠭᠠᠨ ᠡᠷᠬᠦᠵᠦ᠂ ᠭᠠᠯ ᠤᠨ ᠪᠤᠷᠬᠠᠨ ᠪᠤᠶᠠᠨ ᠬᠡᠰᠢᠭ ᠰᠤᠶᠤᠷᠬ᠎ᠠ᠂ ᠬᠤᠷᠤᠢ ᠬᠤᠷᠤᠢ ᠬᠤᠷᠤᠢ ᠬᠡᠵᠦ ᠭᠠᠯ ᠳᠠᠭᠠᠨ ᠲᠠᠬᠢᠨ ᠨᠢᠬᠡ ᠮᠦᠷᠬᠦᠭᠡᠳ ᠬᠦᠵᠢ ᠰᠢᠳᠠᠭᠠᠵᠦ ᠰᠠᠶᠢᠬᠠᠨ ᠵᠠᠰᠠᠭᠰᠠᠨ ᠢᠳᠡᠭᠡ ᠪᠠᠷ ᠢᠶᠠᠨ ᠭᠠᠯ ᠳᠠᠭᠠᠨ ᠲᠠᠯᠠᠯᠠᠯᠭ᠎ᠠ ᠠᠪᠳᠠᠭ ᠪᠠᠶᠢᠨ᠎ᠠ᠃       ᠭᠠᠯ ᠲᠠᠬᠢᠬᠤ ᠦᠶ᠎ᠡ ᠳᠤ ᠰᠡᠳᠡᠷ ᠲᠠᠢ ᠮᠠᠯ ᠢᠶᠠᠨ ᠠᠪᠴᠢᠷᠠᠵᠦ ᠴᠠᠭᠠᠨ ᠢᠳᠡᠭᠡ ᠠᠮᠰᠠᠭᠤᠯᠵᠦ ᠰᠡᠳᠡᠷ ᠲᠤᠨᠢ ᠰᠢᠨ᠎ᠡ ᠲᠤᠷᠭ᠎ᠠ ᠲᠤᠷᠳᠤᠩ ᠤᠨ ᠦᠭᠡᠳᠡᠰᠦ ᠤᠶᠠᠵᠦ ᠰᠡᠷᠬᠦᠭᠡᠵᠦ ᠲᠠᠯᠪᠢᠬᠤ ᠶᠤᠰᠤᠨ ᠪᠤᠢ᠃ ᠡᠨᠡ ᠨᠢ ᠭᠠᠯ ᠳᠠᠭᠠᠨ ᠮᠠᠯ ᠤᠨ ᠪᠤᠶᠠᠨ ᠬᠡᠰᠢᠭ ᠢᠶᠠᠨ ᠲᠠᠭᠠᠳᠬᠠᠵᠦ ᠪᠠᠶᠢᠭ᠎ᠠ ᠤᠴᠢᠷᠳᠠᠢ᠃
 
ᠢᠷᠡᠯᠲᠡ᠄ ᠳ᠋᠊᠂ ᠴᠠᠭᠠᠨ ᠤ ︽ᠰᠦᠨᠢᠳ ᠤᠨ ᠵᠠᠩ ᠠᠭᠠᠯᠢ︾ ᠬᠡᠬᠦ ᠨᠤᠮ ᠠᠴᠠ ᠬᠠᠩᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号