ᠲᠡᠬᠡᠰᠤᠨ ᠤ ᠨᠠᠷᠠᠶᠢᠳᠤᠯ ᠵᠢᠴᠢ ᠢᠷᠠᠯᠳᠠ
ᠨᠡᠶᠢᠲᠡᠯᠡᠭᠰᠡᠨ ᠴᠠᠭ᠄
2018/11/28
              ᠲᠡᠬᠡᠰᠤᠨ ᠤ ᠨᠠᠷᠠᠶᠢᠳᠤᠯ ᠵᠢᠴᠢ ᠢᠷᠠᠯᠳᠠ        ᠮᠡᠨ ᠤ ᠮᠤᠩᠭᠤᠯᠴᠤᠤᠨ ᠭᠥᠮᠤᠨ ᠲᠥᠷᠤᠯᠬᠢᠳᠠᠨ ᠤ ᠪᠤᠯᠪᠠᠰᠤᠨ ᠰᠤᠶᠤᠯ ᠤᠨ ᠠᠯᠳᠠᠨ ᠪᠤᠱᠤᠭ᠎ᠠ ᠶᠢ ᠨᠠᠶᠢᠳᠠ ᠲᠡᠯᠡᠬᠡᠢ ᠶᠢᠨ ᠪᠤᠰᠤᠤᠨ ᠥᠡᠳᠤᠰᠤᠳᠠᠨ ᠲᠠᠢ ᠬᠠᠮᠳᠤ ᠪᠠᠷ ᠠᠯᠬᠤᠬᠰᠠᠨ ᠠᠴᠠ ᠨᠠᠰᠢ ᠥᠪᠡᠷ ᠤᠨ ᠥᠡᠳᠤᠰᠤᠳᠠᠨ ᠤ ᠢᠯᠠ ᠲᠤᠳᠤ ᠥᠪᠡᠷᠮᠢᠴᠨ ᠤᠡᠴᠠᠯᠢᠭ ᠲᠠᠢ ᠰᠤᠳᠤᠨ ᠭᠠᠶᠢᠬᠠᠮᠰᠢᠬᠳᠤ ᠮᠠᠰᠢ ᠤᠯᠠᠨ ᠰᠤᠶᠤᠯ ᠢ ᠡᠭᠦᠳᠤᠨ ᠪᠥᠳᠤᠬᠡᠵᠠᠢ᠃ ᠡᠭᠦᠨ ᠳᠤ ᠨᠢᠬᠡ ᠨᠢ ᠪᠤᠯ ᠮᠤᠩᠭᠤᠯᠴᠤᠤᠨ ᠤᠨ ᠲᠡᠬᠡᠰᠤᠨ ᠰᠤᠶᠤᠯ ᠪᠤᠯᠤᠨ᠎ᠠ᠃        ᠪᠢᠳᠠ ᠪᠥᠭᠦᠨ ᠤ ᠮᠡᠳᠠᠬᠡᠵᠢ ᠪᠠᠷ ᠡᠷᠳᠠᠨ ᠤ ᠴᠢᠯᠠᠭᠤᠨ ᠵᠠᠪᠰᠡᠭ ᠤᠨ ᠥᠶ᠎ᠠ ᠳᠤ ᠭᠥᠮᠤᠰ ᠡᠪᠡᠰᠤ ᠤᠷᠭᠤᠮᠠᠯ᠂ ᠮᠤᠳᠤᠨ ᠤ ᠰᠠᠯᠠᠭ᠎ᠠ ᠨᠠᠮᠠᠭ᠎ᠠ᠂ ᠠᠪᠠᠯᠠᠵᠦ ᠤᠯᠤᠬᠰᠠᠨ ᠠᠮᠢᠳᠠᠨ ᠤ ᠠᠷᠠᠰᠤ ᠰᠢᠷᠢ ᠰᠢᠷᠪᠤᠰᠤ ᠶᠢ ᠠᠰᠢᠬᠯᠠᠵᠦ ᠲᠠᠮᠤᠵᠦ ᠰᠥᠯᠵᠢᠭᠦ ᠶᠢ ᠰᠤᠷᠴᠤ ᠠᠮᠢᠳᠤᠷᠠᠯ ᠤᠨ ᠥᠡᠳᠤᠰᠤᠨ ᠬᠡᠷᠡᠭᠴᠡᠭᠡ ᠪᠠᠨ ᠬᠠᠨᠭ᠍ᠭᠠᠵᠦ ᠴᠢᠳᠠᠬᠤ ᠪᠤᠯᠤᠬᠰᠠᠨ ᠪᠥᠬᠡᠤᠨ ᠲᠠᠷᠨ ᠥᠶ᠎ᠠ ᠳᠤ ᠭᠤᠤᠯᠳᠠᠭᠤ ᠡᠮᠡᠭᠳᠠᠶᠢᠴᠤᠤᠨ ᠲᠠᠮᠤᠬᠤ ᠰᠥᠯᠵᠢᠭᠦ ᠨᠡᠬᠡᠭᠦ ᠠᠵᠢᠯ ᠢ ᠬᠢᠳᠡᠭ ᠪᠠᠶᠢᠬᠰᠠᠨ ᠬᠡᠵᠦ ᠬᠠᠭᠤᠴᠢ ᠰᠤᠳᠤᠯᠤᠬᠴᠢᠤᠨ ᠥᠵᠡᠳᠡᠭ᠃ ᠬᠡᠯᠡᠯᠬᠡᠨ ᠥᠬᠡᠢ ᠲᠡᠬᠡᠰᠤᠨ ᠤ ᠲᠥᠷᠤᠯ ᠵᠥᠢᠯ ᠴᠦ ᠤᠯᠠᠨ ᠪᠢᠰᠢ᠂ ᠵᠥᠪᠬᠡᠨ ᠠᠪᠠ ᠠᠩᠨᠠᠯ᠂ ᠵᠢᠭᠠᠰᠤᠴᠢᠯᠠᠬᠤ ᠬᠡᠷᠡᠭᠴᠠᠬᠡᠨ ᠳᠤ ᠵᠤᠷᠢᠭᠤᠯᠤᠬᠳᠠᠵᠦ᠂ ᠲᠤᠤᠷ᠂ ᠪᠠᠭᠠᠵᠢ ᠵᠡᠪᠰᠡᠭ ᠤᠨ ᠡᠰᠢᠨ ᠳᠤ ᠪᠠᠬᠢᠯᠠᠵᠦ ᠤᠶᠠᠬᠤ ᠲᠡᠬᠡᠰᠤ ᠵᠡᠷᠬᠡ ᠥᠡᠳᠤᠰᠤᠨ ᠬᠡᠷᠡᠭᠴᠠᠬᠡᠨ ᠠᠴᠠ ᠥᠷᠬᠡᠵᠢᠵᠦ ᠲᠠᠶᠢᠯᠤᠬᠡ ᠥᠬᠡᠢ ᠪᠠᠶᠢᠵᠠᠢ᠃ ᠡᠶᠢᠮᠤ ᠠᠴᠠ ᠲᠡᠬᠡᠰᠤ ᠲᠠᠮᠤᠬᠤ ᠰᠤᠶᠤᠯ ᠨᠢ ᠡᠷᠳᠠᠨ ᠤ ︽ᠭᠥᠮᠤᠰ ᠤᠨ ᠬᠠᠮᠳᠤ ᠠᠮᠢᠳᠤᠷᠠᠨ ᠭᠥᠳᠠᠯᠮᠤᠷᠢᠯᠠᠵᠦ ᠭᠥᠳᠠᠯᠮᠤᠷᠢ ᠶᠢᠨ ᠪᠠᠭᠠᠵᠢ ᠵᠡᠪᠰᠡᠭ ᠢᠶᠠᠨ ᠨᠠᠶᠢᠳᠠ ᠪᠠᠷ ᠡᠵᠡᠮᠰᠢᠵᠦ ᠲᠠᠳᠠᠨ ᠤ ᠬᠠᠮᠳᠤᠴᠢ ᠤᠶᠤᠨ ᠪᠢᠯᠢᠭ ᠢᠶᠠᠷ ᠪᠥᠳᠤᠬᠡᠭᠳᠡᠭᠰᠠᠨ ᠡᠳ᠋ ᠤᠨ ᠰᠤᠶᠤᠯ ᠡᠭᠦᠰᠴᠤ ᠭᠥᠭᠵᠢᠭᠰᠡᠨ︾ ᠴᠠᠭ ᠥᠶ᠎ᠠ ᠶᠢᠨ ᠪᠥᠳᠤᠬᠡᠯ ᠪᠤᠯᠬᠤ ᠨᠢ ᠲᠠᠮᠵᠢᠭ ᠥᠬᠡᠢ᠃ ᠮᠡᠨ ᠤ ᠡᠷᠢᠨ ᠤ ᠡᠮᠤᠨᠠᠬᠢ ᠲᠥᠮᠡᠨ ᠵᠢᠯ ᠤᠨ ᠲᠠᠷᠳᠡᠭᠡ᠂ ᠤᠳᠤ ᠶᠢᠨ ᠥᠷᠠᠯ᠂ ᠪᠠᠶᠢᠭᠠᠯ ᠲᠠᠯᠠᠢ ᠶᠢᠨ ᠤᠷᠴᠢᠮ ᠤᠨ ᠨᠤᠳᠤᠭ ᠰᠢᠪᠧᠷᠢᠶ᠎ᠠ ᠶᠢᠨ ᠡᠮᠤᠨᠠᠳᠤ ᠬᠡᠰᠡᠭ ᠲᠥᠪ ᠠᠽᠢᠶ᠎ᠠ ᠪᠠᠷ ᠨᠤᠳᠤᠬᠯᠠᠬᠴᠢᠤᠨ ᠤᠨ ᠤᠷᠤᠨ ᠰᠠᠭᠤᠴᠨ ᠳᠤ ᠤᠪᠤᠬᠠᠢ ᠬᠡᠷ ᠠᠴᠠ ᠬᠠᠨᠠᠳᠤ ᠬᠡᠷ ᠤᠷᠤᠭᠤ ᠰᠢᠯᠵᠢᠭᠦ ᠰᠢᠯᠵᠢᠯᠳᠠ ᠡᠬᠢᠯᠠᠵᠦ᠂ ᠮᠡᠨ ᠤ ᠡᠷᠢᠨ ᠤ ᠡᠮᠤᠨᠠᠬᠢ ᠲᠠᠪᠤᠨ ᠮᠢᠩᠭᠠᠨ ᠵᠢᠯ ᠪᠤᠶᠤ ᠲᠥᠷᠪᠡᠨ ᠮᠢᠩᠭᠠᠨ ᠵᠢᠯ ᠤᠨ ᠲᠠᠷᠳᠡᠭᠡ ᠭᠥᠷᠴᠤ ᠢᠷᠠᠳᠠᠯ᠎ᠠ ᠥᠷᠭᠦᠯᠵᠢᠯᠡᠬᠡᠤᠨ ᠰᠠᠶ᠋ᠢ ᠬᠠᠨᠠᠳᠤ ᠮᠤᠩᠭᠤᠯ ᠬᠡᠷ ᠵᠢᠩᠬᠢᠨᠢ ᠪᠠᠶᠠᠯᠠᠯ ᠢᠶᠠᠨ ᠤᠯᠵᠠᠢ ᠬᠡᠵᠦ ᠡᠷᠳᠠᠮᠳᠠᠤᠨ ᠥᠵᠡᠳᠡᠭ᠃ ᠴᠢᠩᠬᠢᠪᠡᠯ ᠡᠨᠡ ᠥᠶ᠎ᠠ ᠳᠤ ᠪᠤᠢ ᠪᠤᠯᠤᠬᠰᠠᠨ ᠮᠤᠩᠭᠤᠯ ᠬᠡᠷ ᠲᠠᠷᠬᠡ ᠲᠥᠷᠪᠡᠢ ᠳᠤ ᠨᠢᠬᠡᠨᠳᠠ ᠲᠡᠬᠡᠰᠤ ᠥᠷᠬᠡᠨ ᠬᠡᠷᠡᠭᠯᠡᠭᠦ ᠪᠤᠯᠤᠬᠰᠠᠨ ᠪᠠᠶᠢᠨ᠎ᠠ᠃ ᠨᠠᠩ ᠴᠦ ᠭᠥᠮᠤᠨ ᠲᠥᠷᠤᠯᠬᠢᠳᠠᠨ᠂ ᠮᠠᠯ ᠠᠵᠦ ᠠᠬᠤᠢ ᠡᠷᠬᠢᠯᠡᠭᠦ ᠪᠤᠯᠤᠬᠰᠠᠨ ᠨᠢ ᠲᠡᠬᠡᠰᠤ ᠲᠠᠮᠤᠬᠤ ᠰᠤᠶᠤᠯ ᠰᠢᠨ᠎ᠠ ᠭᠥᠭᠵᠢᠯ ᠢᠶᠠᠨ ᠤᠯᠤᠬᠰᠠᠨ ᠴᠠᠭ ᠥᠶ᠎ᠠ ᠬᠡᠵᠦ ᠥᠵᠠᠯᠳᠠᠢ᠃       ᠮᠤᠩᠭᠤᠯᠴᠤᠤᠨ ᠤᠨ ᠨᠡᠭᠦᠳᠠᠯ ᠤᠨ ᠠᠮᠢᠳᠤᠷᠠᠯ ᠳᠤ ᠲᠡᠬᠡᠰᠤ ᠪᠤᠯ ᠶᠠᠷᠤ ᠠᠴᠠ ᠲᠤᠳᠠᠬᠳᠠᠵᠦ ᠪᠤᠯᠠᠰᠢ ᠥᠬᠡᠢ ᠥᠷᠬᠡᠨ ᠬᠡᠷᠡᠭᠴᠡᠭᠡ ᠲᠠᠢ ᠪᠠᠶᠢᠳᠠᠭ ᠠᠵᠢ᠃ ᠡᠶᠢᠮᠤ ᠠᠴᠠ ᠡᠷᠳᠠᠨ ᠠᠴᠠ ᠤᠳᠤ ᠭᠥᠷᠳᠠᠯ᠎ᠠ ᠮᠤᠩᠭᠤᠯᠴᠤᠤᠨ ᠡᠪᠡᠰᠤ ᠤᠷᠭᠤᠮᠠᠯ᠂ ᠠᠷᠠᠰᠤ ᠰᠢᠷᠢ᠂ ᠰᠢᠷᠪᠤᠰᠤ ᠵᠢᠴᠢ ᠲᠠᠪᠤᠨ ᠬᠤᠰᠢᠭᠤ ᠮᠡᠯ ᠤᠨ ᠤᠡᠭᠭᠠᠰᠤ᠂ ᠨᠤᠤᠰᠤ᠂ ᠲᠠᠯ ᠬᠢᠯᠭᠠᠰᠤ  ᠶᠢ ᠭᠥᠢᠴᠠᠤᠨ ᠴᠢᠳᠠᠮᠠᠭᠠᠢ ᠠᠰᠢᠬᠯᠠᠨ ᠠᠪᠠ ᠠᠩᠨᠠᠯ᠂ ᠮᠠᠯ ᠮᠠᠯᠵᠢᠯ ᠳᠤ ᠵᠤᠷᠢᠭᠤᠯᠤᠬᠳᠠᠬᠰᠠᠨ ᠤᠭᠤᠰᠤᠷᠯᠠᠬᠤ᠂ ᠲᠤᠤᠷᠯᠠᠬᠤ᠂ ᠠᠴᠢᠶ᠎ᠠ ᠭᠥᠰᠬᠡ ᠪᠠᠨ ᠲᠠᠳᠠᠵᠦ ᠤᠶᠠᠬᠤ᠂ ᠬᠡᠷ ᠤᠨ ᠤᠭᠤᠰᠤᠷ ᠪᠥᠴᠨ᠂ ᠮᠠᠯ ᠤᠨ ᠤᠶᠠᠭ᠎ᠠ᠂ ᠵᠠᠯ᠎ᠠ ᠠᠷᠭᠠᠮᠵᠢᠶ᠎ᠠ᠂ ᠨᠤᠬᠳᠤ ᠲᠤᠱᠠ᠂᠂᠂ ᠥᠷᠬᠡᠨ ᠬᠡᠷᠡᠭᠴᠠᠬᠡᠨ ᠤ ᠲᠡᠬᠡᠰᠤ ᠲᠠᠮᠤᠵᠦ᠂ ᠰᠥᠯᠵᠢᠵᠦ ᠡᠳ᠋ᠯᠠᠵᠦ ᠢᠷᠡᠭᠰᠠᠨ ᠥᠨᠢ ᠬᠤᠯᠠ ᠶᠢᠨ ᠲᠠᠤᠬᠡ ᠲᠠᠢ ᠬᠡᠰᠠᠨ ᠢ ᠬᠡᠨ ᠴᠦ ᠠᠡᠳᠠᠬᠤ ᠪᠠᠷ ᠥᠬᠡᠢ᠃       ᠮᠤᠩᠭᠤᠯᠴᠤᠤᠨ ᠡᠪᠡᠰᠤ ᠤᠷᠭᠤᠮᠠᠯ᠂ ᠠᠷᠠᠰᠤ ᠰᠢᠷᠢ᠂ ᠤᠡᠭᠭᠠᠰᠤ ᠨᠤᠤᠰᠤ᠂ ᠲᠠᠯ ᠬᠢᠯᠭᠠᠰᠤ ᠪᠠᠷ ᠮᠠᠰᠢ ᠤᠯᠠᠨ ᠲᠥᠷᠤᠯ ᠵᠤᠶᠢᠯ ᠤᠨ ᠲᠡᠬᠡᠰᠤ ᠬᠢᠳᠡᠭ ᠪᠥᠬᠡᠤᠨ ᠶᠠᠷᠤᠩᠬᠡᠢ ᠳᠤᠨᠢ ᠲᠡᠬᠡᠰᠤ ᠬᠡᠵᠦ ᠬᠡᠯᠡᠳᠡᠭ᠃ ᠬᠡᠪᠡᠴᠤ ᠨᠠᠷ᠎ᠠ ᠲᠤᠷᠠᠳᠤᠯᠭ᠎ᠠ ᠶᠢ ᠨᠢ ︽ᠲᠡᠬᠡᠰᠤ ᠲᠠᠮᠤᠬᠤ︾᠂ ︽ᠲᠡᠬᠡᠰᠤ ᠨᠢᠤᠡᠬᠡᠷᠭᠦ︾᠂ ︽ᠲᠡᠬᠡᠰᠤ ᠠᠯᠠᠭᠠᠳᠠᠬᠤ︾᠂ ︽ᠲᠡᠬᠡᠰᠤ ᠮᠤᠰᠬᠢᠬᠤ︾ ᠬᠡᠵᠦ ᠠᠳᠠᠯᠢ ᠪᠤᠰᠤ ᠪᠠᠷ ᠨᠡᠷᠠᠯᠠᠳᠡᠭ᠃ ᠲᠡᠬᠡᠰᠤ ᠪᠠᠨ ᠬᠡᠷᠡᠭᠴᠡᠭᠡ ᠡᠳ᠋ᠯᠡᠯᠬᠡ ᠪᠠᠷ ᠨᠢ ᠠᠴᠢᠶ᠎ᠠ ᠭᠥᠰᠬᠡ ᠲᠠᠳᠠᠬᠤ ᠡᠬᠢ ᠲᠡᠬᠡᠰᠤ᠂ ᠬᠤᠮ ᠲᠡᠬᠡᠰᠤ᠂ ᠴᠠᠯᠮ᠎ᠠ ᠲᠡᠬᠡᠰᠤ᠂ ᠤᠶᠠᠭ᠎ᠠ᠂ ᠠᠷᠭᠠᠮᠵᠢᠶ᠎ᠠ ᠶᠢᠨ ᠲᠡᠬᠡᠰᠤ᠂ ᠬᠡᠷ ᠤᠨ ᠤᠭᠤᠰᠤᠷ ᠪᠥᠴᠨ ︵ᠲᠤᠭᠤᠨᠤ ᠶᠢᠨ ᠬᠡᠯᠬᠢᠶ᠎ᠠ᠂ ᠪᠤᠭᠤᠯᠳᠠ᠂ ᠬᠠᠨ᠎ᠠ ᠶᠢᠨ ᠪᠤᠭᠤᠯᠳᠠ᠂ ᠬᠤᠰᠢᠯᠠᠩ᠂ ᠲᠠᠷᠤᠭᠤᠯᠭ᠎ᠠ᠂ ᠲᠤᠭᠤᠷᠢᠭ ᠤᠨ ᠭᠤᠳᠤᠷᠤᠤᠯ᠂ ᠴᠢᠬᠳᠠᠭ᠎ᠠ᠂ ᠵᠡᠬᠡᠭ︶᠂ ᠲᠡᠮᠡᠬᠡᠨ ᠤ ᠪᠤᠷᠬᠳᠠᠭ᠂ ᠨᠤᠬᠳᠤ ᠭᠠᠨᠭ᠍ᠰᠢᠩ᠂ ᠰᠢᠵᠢᠮ ᠲᠠᠪᠬᠤᠴᠠᠭ᠎ᠠ ᠶᠢᠨ ᠲᠡᠬᠡᠰᠤ᠂ ᠬᠤᠷᠠᠭᠠᠨ ᠭᠥᠬᠡᠨ᠎ᠠ᠂ ᠲᠤᠭᠤᠯ ᠤᠨ ᠵᠠᠯ᠎ᠠ᠂ ᠪᠤᠳᠤᠭᠤᠨ ᠤ ᠠᠷᠭᠠᠮᠵᠢᠶ᠎ᠠ᠂ ᠤᠨᠠᠭ᠎ᠠ ᠲᠤᠭᠤᠯ ᠤᠨ ᠨᠤᠬᠳᠤ ᠤᠭᠤᠰᠤᠷ᠂ ᠴᠢᠳᠤᠷ ᠲᠤᠱᠠ᠂ ᠨᠤᠬᠳᠤ ᠬᠠᠵᠠᠭᠠᠷ᠂ ᠤᠯᠤᠩ ᠵᠢᠷᠢᠮ ᠂ ᠲᠠᠳᠠᠯᠠᠭ᠎ᠠ᠂ ᠤᠭᠤᠰᠤᠷ ᠬᠡᠭᠦ ᠮᠡᠳᠤ ᠪᠠᠷ ᠠᠩᠬᠢᠯᠠᠵᠦ ᠨᠠᠷᠠᠯᠠᠳᠡᠭ᠃ ᠰᠤᠩᠭᠤᠵᠦ ᠬᠢᠭᠰᠡᠨ ᠡᠬᠡ ᠮᠡᠲ᠋ᠧᠷᠢᠶᠠᠯ ᠢᠶᠠᠷ  ᠨᠢ ᠬᠢᠯᠭᠠᠰᠤᠨ ᠲᠡᠬᠡᠰᠤ᠂ ᠲᠡᠮᠡᠬᠡᠨ ᠤᠡᠭᠭᠠᠰᠤᠨ ᠲᠡᠬᠡᠰᠤ᠂ ᠬᠤᠨᠢᠨ ᠤᠡᠭᠭᠠᠰᠤᠨ ᠲᠡᠬᠡᠰᠤ᠂ ᠤᠯᠤᠰᠤᠨ ᠲᠡᠬᠡᠰᠤ᠂ ᠰᠤᠷ ︵ᠤᠡᠭᠭᠠᠰᠤ ᠪᠠᠷ ᠬᠢᠭᠰᠡᠨ ᠲᠡᠬᠡᠰᠤ ᠶᠢ ᠲᠡᠬᠡᠰᠤ ᠬᠡᠵᠦ᠂ ᠰᠤᠷ ᠡᠳ᠋ᠯᠠᠯ ᠢ ᠲᠡᠬᠡᠰᠤ ᠬᠡᠵᠦ ᠬᠡᠯᠡᠳᠡᠭ ᠥᠬᠡᠢ᠂ ᠵᠥᠪᠬᠡᠨ ᠰᠤᠷ ᠡᠳ᠋ᠯᠠᠯ ᠬᠡᠵᠦ ᠬᠡᠯᠡᠳᠡᠭ᠃ ᠬᠡᠪᠡᠴᠤ ᠲᠠᠮᠤᠵᠦ ᠰᠥᠯᠵᠢᠵᠦ ᠬᠢᠭᠰᠡᠨ ᠪᠤᠯᠬᠤᠷ ᠰᠤᠷ ᠲᠡᠬᠡᠰᠤ ᠬᠡᠵᠦ ᠬᠡᠯᠡᠭᠦ ᠭᠠᠵᠠᠷ ᠴᠦ ᠪᠤᠢ︶ ᠬᠡᠵᠦ ᠢᠯᠭᠠᠭ᠎ᠠ ᠲᠠᠢ ᠨᠠᠷᠠᠯᠠᠵᠦ᠂ ᠬᠢᠴᠨ ᠪᠥᠳᠤᠴᠨ ᠪᠠᠷ ᠨᠢ ᠲᠠᠮᠤᠬᠰᠠᠨ ᠲᠡᠬᠡᠰᠤ᠂ ᠤᠶᠤᠮᠠᠯ ᠲᠡᠬᠡᠰᠤ᠂ ᠪᠥᠷᠢᠮᠠᠯ ᠲᠡᠬᠡᠰᠤ᠂ ᠰᠥᠯᠵᠢᠮᠠᠯ ᠲᠡᠬᠡᠰᠤ᠂ ᠭᠤᠷᠮᠤᠰᠤᠨ ᠲᠡᠬᠡᠰᠤ᠂ ᠲᠠᠪᠬᠤᠷ ᠲᠡᠬᠡᠰᠤ᠂ ᠲᠠᠩ ᠲᠡᠬᠡᠰᠤ ᠬᠡᠵᠦ ᠬᠡᠯᠡᠳᠡᠭ ᠪᠠᠶᠢᠨ᠎ᠠ᠃ ᠬᠡᠷᠡᠭᠴᠠᠬᠡᠨ ᠤ ᠥᠡᠳᠤᠰᠤᠨ ᠱᠠᠭᠠᠷᠳᠠᠯᠭ᠎ᠠ ᠠᠴᠠ ᠪᠤᠯᠵᠦ ᠨᠠᠷᠢᠨ ᠲᠡᠬᠡᠰᠤ᠂ ᠪᠥᠳᠤᠭᠦᠨ ᠲᠡᠬᠡᠰᠤ ᠬᠡᠵᠦ ᠢᠯᠭᠠᠭ᠎ᠠ ᠲᠠᠢ ᠪᠠᠶᠢᠪᠠᠴᠤ᠂ ᠶᠠᠷᠤ ᠨᠢ ᠡᠷᠴᠢ ᠰᠠᠶᠢᠳᠠᠢ᠂ ᠪᠠᠳᠤ ᠪᠥᠬᠡᠯᠢᠭ ᠢ ᠶᠡᠬᠡᠳᠠ ᠡᠷᠬᠢᠮᠯᠠᠵᠦ ᠲᠠᠮᠤᠵᠦ ᠰᠥᠯᠵᠢᠵᠦ ᠪᠥᠷᠢᠵᠦ ᠤᠶᠤᠬᠤ ᠤᠷ᠎ᠠ ᠮᠡᠷᠬᠡᠵᠢᠯ ᠢᠶᠠᠷ ᠴᠢᠨᠠᠷ ᠴᠢᠡᠰᠠᠭ᠎ᠠ ᠲᠠᠢ ᠭᠤᠶᠤ ᠭᠠᠨᠭ᠍ᠭᠠᠡᠭ ᠬᠢᠵᠦ᠂ ᠠᠵᠦ ᠠᠮᠢᠳᠤᠷᠠᠯ᠂ ᠭᠤᠶᠤᠯᠠᠯ ᠵᠠᠰᠠᠯ᠂ ᠰᠢᠳᠤᠯᠬᠡ ᠪᠢᠰᠢᠷᠠᠯ ᠳᠤ ᠡᠳ᠋ᠯᠠᠵᠦ ᠬᠡᠷᠡᠭᠯᠡᠵᠦ ᠢᠷᠡᠭᠰᠠᠨ ᠤᠯᠠᠮᠵᠢᠯᠠᠯ ᠲᠠᠢ ᠪᠢᠯᠠ᠃      ᠮᠤᠩᠭᠤᠯ ᠭᠥᠮᠤᠨ ᠲᠡᠬᠡᠰᠤ ᠲᠠᠮᠤᠬᠤ ᠳᠠᠭᠠᠨ ᠰᠢᠯᠢᠵᠦ ᠰᠤᠩᠭᠤᠨ ᠠᠪᠤᠬᠰᠠᠨ ᠲᠠᠮᠡᠬᠡᠨ ᠤ ᠤᠡᠭᠭᠠᠰᠤ ︵ᠡᠪᠤᠳᠤᠭ᠌᠂ ᠵᠤᠬᠳᠤᠷ᠂ ᠡᠮᠡᠬᠡᠨ ᠤᠡᠭᠭᠠᠰᠤ ᠬᠡᠵᠦ ᠢᠯᠭᠠᠨ᠎ᠠ︶᠂ ᠬᠤᠨᠢᠨ ᠤ ᠤᠡᠭᠭᠠᠰᠤ᠂ ᠠᠳᠤᠭᠤᠨ ᠤ ᠬᠢᠯᠭᠠᠰᠤ ︵ᠲᠠᠯ ᠰᠠᠭᠦᠯ︶ ᠪᠠᠨ ᠰᠠᠶᠢᠬᠠᠨ ᠴᠠᠪᠡᠷᠯᠠᠵᠦ ᠬᠤᠭ ᠨᠤᠪᠰᠢ ᠶᠢ ᠨᠢ ᠠᠷᠢᠯᠭᠠᠨ ᠰᠢᠷᠬᠡᠭ ᠰᠢᠷᠬᠡᠭ ᠢᠶᠠᠷ ᠰᠠᠮᠨᠠᠨ ᠤᠷᠠᠵᠦ ᠶᠡᠭᠡ ᠪᠠᠭ᠎ᠠ ᠨᠢ ᠠᠳᠠᠯᠢ ᠥᠬᠡᠢ ᠤᠡᠭᠭᠠᠰᠤᠨ ᠲᠥᠭᠦᠳᠡᠭ᠂ ᠬᠢᠯᠭᠠᠰᠤᠨ‌‍ᠲ᠋ᠥ᠋ᠭᠦᠳᠡᠭ ᠬᠢᠵᠦ ᠲᠡᠬᠡᠰᠤ ᠲᠠᠮᠤᠳᠠᠭ᠃      ᠲᠡᠬᠡᠰᠤ ᠪᠠᠨ ᠡᠳ᠋ᠯᠡᠯᠬᠡᠨ ᠤ ᠬᠡᠷᠡᠭᠴᠡᠭᠡ ᠱᠠᠭᠠᠷᠳᠠᠯᠭ᠎ᠠ ᠠᠴᠠ ᠡᠭᠦᠰᠴᠤ᠂ ᠲᠠᠩ᠂ ᠲᠠᠪᠬᠤᠷ᠂ ᠤᠶᠤᠮᠠᠯ᠂ ᠰᠥᠯᠵᠢᠮᠠᠯ᠂ ᠪᠥᠷᠢᠮᠠᠯ ᠬᠢᠭᠦ ᠪᠠᠨ ᠲᠤᠬᠳᠠᠭᠠᠵᠦ᠂ ᠴᠢᠨᠠᠷ ᠴᠢᠡᠰᠠᠭ᠎ᠠ ᠶᠢ ᠡᠷᠬᠢᠮᠯᠠᠨ ᠭᠤᠶᠤ ᠶᠠᠩᠵᠤᠯᠠᠵᠦ ᠬᠢᠭᠦ ᠶᠢ ᠠᠩᠬᠠᠷᠴᠤ᠂ ᠥᠵᠡᠭᠦ ᠳᠤ ᠰᠠᠶᠢᠬᠠᠨ ᠬᠡᠷᠡᠭᠯᠡᠭᠦ ᠳᠤ ᠪᠥᠬᠡ ᠪᠠᠶᠢᠬᠤ ᠥᠡᠳᠤᠰᠤᠨ ᠱᠠᠭᠠᠷᠳᠠᠯᠭ᠎ᠠ ᠳᠤ ᠵᠤᠬᠢᠴᠠᠭᠤᠯᠤᠨ ᠵᠥᠪ ᠰᠤᠯᠤᠭᠠᠢ ᠬᠤᠶᠠᠷ ᠠᠷᠭ᠎ᠠ ᠪᠠᠷ ᠲᠠᠮᠤᠵᠦ ᠬᠢᠳᠡᠭ᠃ ᠡᠳ᠋ᠯᠡᠯᠬᠡᠨ ᠳᠤ ᠵᠤᠷᠢᠭᠤᠯᠤᠬᠰᠠᠨ ᠴᠦ ᠲᠠᠷᠨ᠂ ᠭᠤᠶᠤᠯᠠᠯ ᠵᠠᠰᠠᠯ ᠳᠤ ᠵᠤᠷᠢᠭᠤᠯᠤᠬᠰᠠᠨ ᠴᠦ ᠲᠠᠷᠨ᠂ ᠪᠥᠷ ᠥᠵᠤᠭᠦᠷ ᠭᠤᠬᠴᠤᠭ᠎ᠠ ᠶᠢ ᠨᠢ ᠲᠠᠪᠤᠤ ᠪᠥᠰ ᠪᠤᠶᠤ ᠲᠤᠷᠭ᠎ᠠ ᠲᠤᠷᠳᠤᠩ ᠢᠶᠠᠷ ᠪᠥᠷᠢᠵᠦ ᠤᠶᠤᠭᠠᠤᠨ ᠶᠠᠩᠵᠦ ᠤᠷᠤᠭᠤᠯᠤᠨ ᠬᠢᠳᠡᠭ ᠨᠢ ᠪᠥᠬᠡ ᠪᠡ ᠰᠠᠶᠢᠬᠠᠨ ᠥᠵᠠᠮᠵᠢ ᠲᠠᠢ ᠪᠤᠯᠳᠠᠭ᠃      ᠭᠤᠶᠤᠯᠠᠯ ᠵᠠᠰᠠᠯ ᠳᠤ ᠵᠤᠷᠢᠭᠤᠯᠵᠦ ᠬᠢᠭᠰᠡᠨ ᠲᠡᠬᠡᠰᠤ — ᠡᠭᠦᠨ ᠳᠤ ᠲᠠᠮᠡᠬᠡᠨ ᠤ ᠨᠤᠬᠳᠤ ᠵᠢᠯᠤᠭᠤ ᠪᠤᠷᠬᠳᠠᠭ᠂ ᠲᠠᠪᠬᠤᠴᠠᠭ᠎ᠠ᠂ ᠤᠯᠤᠩ᠂ ᠵᠢᠷᠢᠮ᠂ ᠲᠤᠱᠠ᠂ ᠵᠡᠬᠡᠭ᠂ ᠲᠤᠬᠤᠰᠢ ᠶᠢᠨ ᠵᠡᠬᠡᠭ᠂᠂᠂᠂᠂ ᠮᠡᠳᠤ ᠶᠢᠨ ᠬᠡᠷᠡᠭᠴᠠᠬᠡᠨ ᠤ ᠲᠡᠬᠡᠰᠤ ᠶᠢ ᠬᠠᠷ᠎ᠠ ᠴᠠᠭᠠᠨ ᠤᠡᠭᠭᠠᠰᠤ ᠪᠠᠷ ᠥᠡᠭᠬᠡ ᠢᠯᠭᠠᠷᠠᠭᠤᠯᠤᠨ ᠲᠠᠮᠤᠵᠦ ᠬᠢᠭᠦ᠂ ᠥᠡᠭᠬᠡ ᠢᠯᠭᠠᠷᠠᠭᠤᠯᠤᠨ ᠤᠶᠤᠵᠦ ᠬᠢᠭᠦ ᠡᠰᠠᠭᠦᠯ᠎ᠠ ᠵᠠᠪᠰᠠᠷ ᠨᠢ ᠢᠰᠠᠬᠡᠢ ᠪᠠᠷᠢᠵᠦ ᠤᠶᠤᠵᠦ ᠬᠢᠭᠦ᠂ ᠥᠡᠭᠬᠡ ᠪᠥᠷᠢ ᠶᠢᠨ ᠲᠤᠷᠳᠤᠩ ᠲᠤᠷᠭ᠎ᠠ ᠪᠠᠷ ᠪᠥᠷᠢᠭᠦ ᠬᠡᠭᠦ ᠮᠡᠳᠤ ᠪᠠᠷ ᠤᠡᠴᠨ ᠭᠤᠶᠤᠯᠠᠯ ᠵᠠᠰᠠᠯ ᠤᠨ ᠤᠷ᠎ᠠ ᠮᠡᠷᠬᠡᠵᠢᠯ ᠢᠶᠠᠷ ᠬᠢᠳᠡᠭ ᠪᠤᠯᠬᠤᠷ ᠭᠠᠨᠭ᠍ᠭᠠᠡᠭ ᠬᠡᠬᠡᠨᠴᠢᠷ ᠬᠠᠷᠠᠬᠳᠠᠨ᠎ᠠ᠃ ᠡᠪᠤᠯ ᠴᠠᠭ ᠪᠤᠶᠤ ᠴᠠᠭᠠᠨ ᠰᠠᠷ᠎ᠠ ᠳᠤ ᠡᠳ᠋ᠯᠠᠭᠦ ᠵᠠᠰᠠᠯ ᠭᠤᠶᠤᠯᠠᠯ ᠳᠤ ᠪᠤᠯ ᠨᠠᠩ ᠰᠠᠶᠢᠬᠠᠨ ᠬᠢᠳᠡᠭ ᠪᠠᠶᠢᠨ᠎ᠠ᠃ ᠶᠠᠷᠤ ᠨᠢ ᠡᠩ ᠤᠨ ᠴᠠᠭ ᠲᠤ ᠴᠦ ᠬᠡᠰᠠᠨ ᠲᠡᠬᠡᠰᠤ ᠶᠢ ᠡᠷᠴᠢ ᠰᠠᠶᠢᠳᠠᠢ ᠭᠤᠶᠤ ᠰᠠᠶᠢᠬᠠᠨ ᠬᠢᠭᠦ ᠶᠢ ᠤᠡᠴᠤᠭᠤᠢ ᠠᠩᠬᠠᠷᠴᠤ᠂ ᠬᠠᠰᠢ ᠶᠠᠰᠢ ᠬᠢᠭᠦ ᠶᠢ ᠴᠠᠬᠡᠷᠯᠡᠭᠦ ᠵᠠᠩᠰᠢᠯ ᠲᠠᠢ᠃      ᠮᠤᠩᠭᠤᠯ ᠭᠥᠮᠤᠨ ᠠᠵᠦ ᠠᠮᠢᠳᠤᠷᠠᠯ ᠤᠨ ᠬᠡᠷᠡᠭᠴᠠᠬᠡᠳᠠᠢ ᠲᠡᠬᠡᠰᠤᠨ ᠡᠳ᠋ᠯᠠᠯ ᠢᠶᠠᠨ ᠭᠤᠶᠤᠮᠰᠤᠭ ᠭᠠᠨᠭ᠍ᠭᠠᠡᠭ ᠤᠷᠠᠯᠠᠵᠦ ᠬᠢᠭᠦ ᠪᠠ ᠬᠡᠷ ᠤᠨ ᠪᠥᠷᠢᠶᠠᠰᠤ᠂ ᠤᠭᠤᠳᠠ ᠰᠠᠪᠠ᠂ ᠰᠢᠷᠳᠡᠭ ᠲᠠᠪᠢᠰᠬᠡᠷ ᠢᠶᠠᠨ ᠭᠥᠷᠳᠠᠯ᠎ᠠ ᠨᠠᠷᠢᠨ ᠲᠡᠬᠡᠰᠤᠨ ᠵᠡᠬᠡᠭ ᠪᠠᠷᠢᠵᠦ ᠤᠶᠤᠬᠤ᠂ ᠬᠡ ᠤᠭᠠᠯᠵᠠ᠂ ᠥᠯᠵᠠᠢ ᠤᠳᠠᠰᠤ ᠤᠷᠢᠶᠠᠬᠤ ᠮᠡᠳᠤ ᠪᠠᠷ ᠭᠤᠶᠤ ᠥᠵᠠᠮᠵᠢ  ᠲᠠᠢ ᠪᠤᠯᠭᠠᠳᠠᠭ ᠨᠢ ᠭᠤᠶᠤᠯᠠᠯ ᠵᠠᠰᠠᠯ᠂ ᠪᠡᠯᠬᠡᠳᠠᠯ ᠤᠨ ᠠᠭᠤᠯᠭ᠎ᠠ ᠲᠠᠢ ᠶᠤᠮ᠃ ᠮᠥᠨ ᠴᠦ ᠡᠷᠳᠠᠨ ᠤ ᠮᠤᠩᠭᠤᠯᠴᠤᠤᠨ ᠤᠨ ᠤᠷ᠎ᠠ ᠮᠡᠷᠬᠡᠵᠢᠯ᠂ ᠤᠶᠤᠨ ᠤᠬᠠᠭᠠᠨ᠂ ᠭᠤᠸ᠎ᠠ ᠲᠠᠭᠠᠰᠢᠶᠠᠯ ᠤᠨ ᠥᠵᠡᠯᠳᠠ᠂ ᠤᠷᠠᠯᠢᠭ ᠰᠤᠶᠤᠯ ᠤᠨ ᠰᠤᠨᠢᠷᠬᠠᠯ ᠢ ᠲᠤᠰᠬᠠᠵᠦ ᠪᠠᠶᠢᠳᠠᠭ ᠤᠡᠴᠠᠯᠢᠭ ᠲᠠᠢ ᠪᠥᠬᠡᠤᠨ ︽ᠭᠤᠸ᠎ᠠ ᠰᠠᠶᠢᠬᠠᠨ ᠢ ᠰᠤᠨᠢᠷᠬᠠᠬᠤ ᠲᠤᠷ᠎ᠠ ᠪᠠᠬ᠎ᠠ ᠨᠢ ᠶᠠᠷᠤ ᠠᠴᠠ ᠤᠶᠢᠯᠡᠤᠡᠪᠤᠷᠢᠯᠠᠯ ᠤᠨ ᠭᠥᠴᠤᠨ ᠤ ᠭᠥᠭᠵᠢᠯᠳᠠ ᠶᠢ ᠲᠠᠭᠠᠯᠳᠤᠨ ᠭᠥᠭᠵᠢᠳᠡᠭ︾ ᠬᠡᠰᠠᠨ ᠢ ᠨᠤᠳᠠᠯᠠᠵᠦ ᠪᠠᠶᠢᠭ᠎ᠠ ᠤᠴᠢᠷᠳᠠᠢ᠃       ᠰᠥᠰᠤᠭ᠌ ᠪᠢᠰᠢᠷᠠᠯ ᠢᠶᠠᠨ ᠴᠦ ᠲᠠᠮᠤᠬᠰᠠᠨ ᠲᠡᠬᠡᠰᠤ ᠪᠠᠷ ᠢᠯᠡᠤᠡᠬᠡᠵᠦ ᠲᠠᠪᠤᠨ ᠬᠤᠰᠢᠭᠤ ᠮᠡᠯ ᠤᠨ ᠤᠡᠭᠭᠠᠰᠤ ᠨᠤᠤᠰᠤ᠂ ᠲᠠᠯ ᠬᠢᠯᠭᠠᠰᠤ ᠪᠠᠷ ᠥᠪᠡᠷ ᠤᠨ ᠢᠳᠠᠬᠡᠯ ᠪᠢᠰᠢᠷᠠᠯ ᠤᠨ ᠡᠭᠦᠳᠠᠨ ᠠᠴᠠ ᠬᠠᠵᠠᠭᠠᠷ᠂ ᠨᠤᠬᠳᠤ᠂ ᠲᠤᠱᠠ᠂ ᠭᠥᠬᠡᠨ᠎ᠠ᠂ ᠪᠤᠷᠬᠳᠠᠭ ᠵᠡᠷᠬᠡ ᠶᠢ ᠲᠠᠮᠤᠵᠦ ᠬᠢᠬᠡᠤᠨ ᠲᠠᠬᠢᠳᠠᠭ ᠤᠪᠤᠭᠠᠨ ᠤ ᠪᠠᠨ ᠨᠠᠪᠳᠠᠭ ᠰᠠᠪᠳᠠᠭ ᠲᠤ ᠲᠠᠭᠠᠤᠡᠬᠠᠵᠦ ᠮᠡᠯ ᠰᠥᠷᠤᠭ᠌ ᠥᠨᠢᠷ ᠥᠰᠴᠤ᠂ ᠰᠠᠶᠢᠨ ᠰᠠᠶᠢᠬᠠᠨ  ᠂ ᠥᠯᠵᠡᠢ ᠬᠡᠶᠢᠮᠤᠷᠢ ᠲᠠᠢ ᠪᠠᠶᠢᠬᠤ ᠶᠢ ᠭᠥᠰᠠᠨ ᠵᠥᠡᠭᠨᠡᠵᠦ ᠪᠠᠶᠢᠭ᠎ᠠ ᠤᠴᠢᠷ ᠶᠤᠮ᠃ ᠪᠠᠰᠠ ᠬᠤᠷᠰᠢᠶᠠᠨ ᠳᠤ ᠬᠤᠳᠠᠯᠳᠤᠬᠤ ᠮᠠᠯ ᠤᠨ ᠢᠶᠠᠨ ᠤᠡᠭᠭᠠᠰᠤ ᠨᠤᠤᠰᠤ ᠬᠢᠯᠭᠠᠰᠤᠨ ᠠᠴᠠ ᠨᠢ ᠬᠠᠶᠢᠴᠢᠯᠠᠵᠦ ᠠᠪᠤᠭᠠᠤᠨ ᠨᠠᠷᠢᠬᠠᠨ ᠲᠠᠮᠤᠵᠦ ᠲᠠᠯᠠᠯᠭᠠᠨ ᠰᠠᠭᠤᠯᠠᠭ᠎ᠠ ᠪᠤᠶᠤ ᠲᠤᠭᠤᠨᠤ ᠶᠢᠨ ᠬᠡᠴᠨ ᠳᠤ ᠤᠶᠠᠵᠦ ᠵᠡᠭᠦᠳᠡᠭ ᠨᠢ ᠴᠦ ᠮᠠᠯ ᠤᠨ ᠬᠡᠰᠢᠭ ᠪᠤᠶᠠᠨ ᠢ ᠪᠡᠯᠬᠡᠳᠠᠵᠦ ᠥᠨᠢᠷ ᠪᠠᠶᠠᠨ ᠮᠡᠯ ᠰᠥᠷᠤᠭ᠌ ᠲᠠᠢ ᠪᠠᠶᠢᠬᠤ ᠶᠢ ᠭᠥᠰᠠᠨ ᠡᠷᠠᠮᠠᠯᠵᠠᠯᠠᠵᠦ ᠪᠠᠶᠢᠭ᠎ᠠ ᠬᠡᠷᠡᠭ ᠠᠵᠠᠢ᠃      ᠨᠠᠶᠢᠳᠠ ᠮᠤᠩᠭᠤᠯ ᠤᠨ ᠵᠠᠩ ᠤᠶᠢᠯᠠ ᠲᠤᠳᠤᠷ᠎ᠠ ᠲᠡᠬᠡᠰᠤᠨ ᠳᠤ ᠬᠤᠯᠪᠤᠬᠳᠠᠬᠤ ᠵᠠᠩ ᠤᠶᠢᠯᠠ ᠲᠥᠬᠡᠮᠡᠯ ᠥᠵᠡᠭᠳᠠᠨ᠎ᠠ᠃ ᠡᠷᠡᠭᠳᠠᠢ ᠭᠥᠮᠤᠨ ᠲᠡᠬᠡᠰᠤᠨ ᠰᠢᠳᠠᠮᠠᠰᠤ ︵ᠲᠡᠬᠡᠰᠤᠨ ᠤ ᠲᠠᠰᠤᠷᠬᠠᠢ ᠶᠢ ᠬᠡᠯᠡᠨ᠎ᠠ︶ ᠪᠥᠰᠠᠯᠠᠵᠦ ᠪᠤᠯᠬᠤ ᠥᠬᠡᠢ᠃ ᠠᠶᠢᠯ ᠳᠤ ᠲᠡᠬᠡᠰᠤ ᠰᠢᠳᠠᠮᠠᠰᠤ ᠪᠠᠷᠢᠵᠦ ᠤᠷᠤᠵᠦ ᠪᠤᠯᠬᠤ ᠥᠬᠡᠢ᠃ ᠲᠡᠬᠡᠰᠤᠨ ᠲᠠᠰᠤᠷᠬᠠᠢ ᠰᠢᠳᠠᠮᠠᠰᠤ ᠭᠥᠳᠡᠭᠡ ᠭᠠᠳᠠᠨ᠎ᠠ ᠲᠠᠭᠠᠷᠠᠯᠳᠤᠪᠡᠯ ᠵᠡᠪᠡᠯ ᠵᠠᠳᠠᠯᠵᠦ ᠬᠠᠶᠠᠨ᠎ᠠ᠃ ᠨᠤᠬᠳᠤ ᠮᠡᠳᠤ ᠶᠢᠨ ᠲᠡᠬᠡᠰᠤ ᠡᠳ᠋ᠯᠠᠯ ᠤᠯᠳᠠᠪᠡᠯ ᠪᠡᠯᠬᠡᠰᠢᠶᠠᠨ ᠥᠵᠡᠭᠦ᠂᠂᠂᠂᠂ ᠬᠡᠭᠦ ᠮᠡᠳᠤ ᠶᠢᠨ ᠤᠯᠠᠨ ᠵᠢᠱᠢᠶ᠎ᠠ ᠲᠤᠷᠠᠤᠡᠴᠤ ᠪᠤᠯᠤᠨ᠎ᠠ᠃ ᠡᠷᠳᠠᠨ ᠤ ᠥᠶ᠎ᠠ ᠳᠤ ᠮᠤᠩᠭᠤᠯᠴᠤᠤᠨ ᠥᠰᠤᠭ᠌ ᠪᠢᠴᠢᠭ ᠬᠡᠷᠡᠭᠯᠡᠭᠦ ᠠᠴᠠ ᠡᠮᠤᠨ᠎ᠡ ᠲᠡᠬᠡᠰᠤ ᠵᠠᠩᠬᠢᠤᠡᠴᠤ ᠬᠡᠷᠡᠭ ᠤᠴᠢᠷ ᠲᠠᠮᠳᠡᠭᠯᠡᠭᠦ᠂ ᠲᠡᠬᠡᠰᠤ ᠵᠠᠩᠬᠢᠤᠡᠴᠤ ᠲᠠᠩᠭᠠᠷᠢᠭ ᠠᠡᠳᠠᠭᠠᠢ ᠬᠢᠵᠦ ᠪᠠᠶᠢᠬᠰᠠᠨ ᠲᠠᠤᠬᠡ ᠲᠠᠢ᠃ ᠲᠡᠬᠡᠰᠤ ᠲᠠᠮᠤᠬᠤ ᠰᠤᠶᠤᠯ ᠨᠢ ᠠᠪᠠ ᠠᠩᠨᠠᠯ᠂ ᠮᠠᠯ ᠮᠠᠯᠵᠢᠯ ᠤᠨ ᠭᠥᠷᠤᠰᠤ ᠰᠢᠷᠤᠢ ᠳᠤ ᠤᠷᠭᠤᠨ ᠲᠠᠯᠬᠡᠷᠠᠵᠦ᠂ ᠤᠯᠠᠨ ᠵᠠᠭᠤᠨ ᠮᠢᠩᠭᠠᠨ ᠵᠢᠯ ᠤᠨ ᠲᠤᠷᠰᠢ ᠠᠵᠦ ᠠᠮᠢᠳᠤᠷᠠᠯ ᠭᠤᠶᠤᠯᠠᠯ ᠵᠠᠰᠠᠯ᠂ ᠰᠥᠰᠤᠭ᠌ ᠪᠢᠰᠢᠷᠠᠯ ᠳᠤ ᠭᠤᠤᠯ ᠡᠭᠦᠷᠬᠡ ᠭᠥᠢᠴᠠᠤᠡᠬᠡᠵᠦ ᠢᠷᠡᠭᠰᠠᠨ ᠢᠶᠠᠷ ᠪᠠᠷᠠᠬᠤ ᠥᠬᠡᠢ᠂ ᠲᠠᠳᠠᠨ ᠤ ᠭᠥᠴᠤᠨ ᠴᠢᠳᠠᠯ᠂ ᠤᠷ᠎ᠠ ᠤᠬᠠᠭᠠᠨ᠂ ᠪᠠᠭᠠᠳᠤᠷ ᠵᠤᠷᠢᠭ᠂ ᠬᠤᠷᠴᠨ ᠰᠠᠷᠭᠦᠯᠠᠩ ᠤᠨ ᠬᠡᠷᠠᠴᠢ ᠲᠠᠮᠳᠡᠭ ᠪᠤᠯᠬᠤ ᠲᠠᠳᠤᠢ ᠥᠬᠡᠢ ᠨᠡᠶᠢᠬᠡᠮ ᠤᠨ ᠭᠥᠭᠵᠢᠯ ᠲᠠᠪᠰᠢᠯ᠂ ᠠᠵᠦ ᠠᠮᠢᠳᠤᠷᠠᠯ ᠤᠶᠢᠯᠡᠤᠡᠪᠤᠷᠢᠯᠠᠯ ᠭᠥᠳᠠᠯᠮᠤᠷᠢ᠂ ᠤᠷᠠᠯᠢᠭ ᠰᠤᠶᠤᠯ ᠲᠠᠢ ᠰᠠᠯᠤᠰᠢ ᠥᠬᠡᠢ ᠬᠤᠯᠪᠤᠭᠠᠳᠠᠢ ᠭᠥᠭᠵᠢᠵᠦ ᠢᠷᠡᠭᠰᠠᠨ ᠨᠢ ᠲᠤᠳᠤ ᠲᠤᠮᠤᠷᠠᠭᠤᠨ ᠮᠡᠳᠡᠭᠳᠠᠵᠦ ᠪᠠᠶᠢᠨ᠎ᠠ᠃ ᠬᠡᠳᠠᠯ᠎ᠠ ᠡᠷᠳᠠ ᠡᠳᠤᠬᠡ ᠶᠢᠨ ᠤᠯᠠᠨ ᠡᠷᠳᠠᠮᠳᠠᠨ ᠮᠡᠷᠬᠡᠤᠨ᠂ ᠲᠠᠤᠬᠡ᠂ ᠤᠷᠠᠯᠢᠭ ᠰᠤᠶᠤᠯ ᠤᠨ ᠰᠤᠳᠤᠯᠤᠯᠭᠠᠳᠠᠨ᠂ ᠵᠠᠩ ᠵᠠᠩᠰᠢᠯ ᠤᠨ ᠰᠤᠳᠤᠯᠤᠬᠴᠢ ᠨᠠᠷ ᠡᠨᠡ ᠭᠦ ᠤᠯᠠᠮᠵᠢᠯᠠᠯᠳᠤ ᠰᠤᠶᠤᠯ ᠤᠨ ᠲᠤᠬᠠᠢ ᠲᠠᠮᠳᠡᠭᠯᠡᠵᠦ ᠥᠯᠡᠳᠠᠬᠡᠭᠰᠠᠨ ᠵᠤᠶᠢᠯ ᠢ ᠤᠳᠤᠬᠠᠨ ᠪᠤᠯᠳᠠᠯ᠎ᠠ ᠬᠠᠷᠠᠬᠠᠨ ᠤᠯᠵᠦ ᠥᠵᠡᠭᠡ ᠥᠬᠡᠢ ᠪᠤᠯᠪᠠᠴᠤ᠂ ᠥᠪᠡᠷ ᠤᠨ ᠬᠢᠷᠢ ᠴᠢᠳᠠᠯ ᠢᠶᠠᠨ ᠭᠤᠯᠤᠯ ᠥᠬᠡᠢ ᠭᠥᠮᠤᠰ ᠤᠨ ᠭᠥᠡᠳᠡᠭᠡ ᠥᠬᠡᠢ ᠲᠤᠮᠤ ᠰᠠᠳᠤᠪ ᠢ ᠭᠥᠡᠳᠠᠵᠦ ︽ᠮᠤᠩᠭᠤᠯᠴᠤᠤᠨ ᠤᠨ ᠲᠡᠬᠡᠰᠤᠨ ᠰᠤᠶᠤᠯ︾ ᠬᠡᠭᠦ ᠨᠤᠮ ᠢ ᠡᠷᠢᠶᠠᠴᠢᠵᠦ ᠬᠤᠵᠢᠮ ᠬᠤᠶᠢᠰᠢᠳᠠ ᠶᠢᠨ ᠡᠷᠳᠠᠮᠳᠠᠨ ᠮᠡᠷᠬᠡᠤᠨ ᠤᠨ ᠠᠩᠬᠠᠷᠤᠯ ᠳᠤ ᠤᠷᠤᠭᠤᠯᠬᠤ ᠶᠢ ᠥᠨᠡᠡᠴᠢ ᠪᠠᠷ ᠵᠤᠷᠢᠵᠦ ᠪᠢᠴᠢᠭᠰᠡᠨ ᠢ ᠮᠢᠨᠢ ᠠᠭᠤᠴᠢᠯᠠᠭᠠᠷᠠᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号