ᠬᠤᠯᠠᠩᠳᠦ ᠶᠢᠨ ᠬᠠᠳᠠᠨ ᠵᠢᠷᠤᠭ
ᠨᠡᠶᠢᠲᠡᠯᠡᠭᠰᠡᠨ ᠴᠠᠭ᠄
2015/12/17
              ᠬᠤᠯᠠᠩᠳᠦ ᠶᠢᠨ ᠬᠠᠳᠠᠨ ᠵᠢᠷᠤᠭ                                                   ᠳ᠋᠊᠂ ᠴᠠᠭᠠᠨ      ᠰᠦᠨᠢᠳ ᠵᠡᠬᠦᠨ ᠬᠤᠰᠢᠭᠤᠨ ᠤ ᠬᠤᠩᠭᠤᠷ ᠰᠤᠮᠤᠨ ᠤ ᠱᠢᠷᠦᠴᠡᠩᠳᠦ ᠭᠠᠴᠠᠭᠠᠨ ᠤ ᠨᠤᠳᠤᠭ ᠲᠤ ᠨᠢᠬᠡᠨ ᠬᠤᠸᠠ ᠤᠪᠤᠭ᠎ᠠ ᠶᠢ ᠬᠦᠮᠦᠰ ︽ᠬᠤᠯᠠᠩᠳᠦ ᠶᠢᠨ ᠬᠤᠸᠠ ᠤᠪᠤᠭ᠎ᠠ︾ ᠬᠡᠳᠡᠭ᠃ ᠡᠨᠡ ︽ᠬᠤᠯᠠᠩᠳᠦ ᠶᠢᠨ ᠬᠤᠸᠠ ᠤᠪᠤᠭᠠᠨ︾᠎ ᠤ ᠲᠤᠬᠠᠢ ᠡᠶᠢᠮᠦ ᠨᠢᠬᠡᠨ ᠲᠤᠮᠤᠭ ᠤᠯᠠᠮᠵᠢᠯᠠᠭᠳᠠᠵᠦ ᠢᠷᠡᠵᠡᠢ᠃ ᠡᠷᠳᠡ ᠤᠷᠢᠳᠦ ᠶᠢᠨ ᠴᠠᠭ ᠲᠤ ᠡᠨᠡ ᠭᠠᠵᠠᠷ ᠬᠤᠯᠠᠨ ᠴᠢᠬᠢᠳᠡᠢ ᠶᠢᠨ ᠨᠤᠳᠤᠭ ᠪᠠᠶᠢᠵᠠᠢ ᠬᠡᠨ᠎ᠡ᠃  ᠡᠪᠡᠰᠦ ᠪᠡᠯᠴᠢᠬᠡᠷ ᠰᠠᠬᠤᠯᠢᠭ ᠰᠠᠶᠢᠨ ᠡᠨᠡ ᠭᠠᠵᠠᠷ ᠵᠢᠯ ᠎ ᠤᠨ ᠲᠦᠷᠪᠡᠨ ᠤᠯᠠᠷᠢᠯ ᠳᠤ ᠤᠯᠠᠨ ᠬᠤᠯᠠᠨ ᠴᠢᠬᠢᠳᠠᠢ ᠨᠤᠳᠤᠭᠯᠠᠨ ᠦᠷᠡᠵᠢᠨ ᠦᠰᠴᠦ  ᠵᠠᠭᠤᠨ ᠵᠠᠭᠤᠨ ᠢ ᠡᠯᠡᠬᠡᠭᠰᠡᠨ ᠬᠡᠨ᠎ᠡ᠃ ᠡᠶᠢᠮᠦ ᠠᠴᠠ ᠵᠤᠨ ᠤ ᠤᠯᠠᠷᠢᠯ  ᠎ ᠳᠤ ᠰᠦᠷᠦᠭ ᠰᠦᠷᠦᠭ ᠬᠤᠯᠠᠨ ᠴᠢᠬᠢᠳᠡᠢ  ᠡᠨᠡ  ᠬᠤᠸᠠ ᠤᠪᠤᠭᠠᠨ ᠲᠡᠭᠡᠷ᠎ᠡ ᠦᠷᠬᠦᠯᠵᠢ ᠢᠷᠡᠵᠦ ᠲᠡᠬᠡᠷᠡᠳᠡᠭ ᠪᠠᠶᠢᠭᠰᠠᠨ ᠬᠡᠨ᠎ᠡ  ᠃ ᠢᠩᠬᠢᠬᠡᠳ ᠤᠨ ᠵᠢᠯ ᠤᠨ ᠤᠳᠠᠭᠠᠨ ᠳᠤ ᠡᠨᠡ  ᠬᠤᠸᠠ ᠤᠪᠤᠭᠠᠨ ᠤ ᠤᠷᠤᠢ᠂ ᠬᠤᠯᠠᠨ ᠴᠢᠬᠢᠳᠡᠢ ᠶᠢᠨ ᠬᠦᠯ ᠳᠤ ᠡᠯᠬᠡᠳᠡᠨ ᠶᠡᠭᠡ ᠬᠦᠨ ᠬᠤᠩᠬᠤᠷ ᠪᠤᠯᠤᠨ ᠬᠤᠳᠤᠶᠢᠵᠦ ᠬᠡᠨ᠎ᠡ᠃ ᠡᠨᠡ ᠬᠤᠸᠠ ᠤᠪᠤᠭᠠᠨ ᠤ ᠤᠷᠤᠢ ᠳᠠᠬᠢ ᠬᠤᠩᠬᠤᠷ ᠬᠤᠳᠤᠭᠤᠷ ᠲᠤ ᠰᠦᠷᠦᠭ ᠬᠤᠨᠢ ᠬᠡᠪᠳᠡᠭᠰᠡᠨ ᠴᠤ ᠦᠵᠡᠭᠳᠡᠬᠦ ᠦᠬᠡᠢ ᠪᠠᠶᠢᠵᠦ ᠬᠡᠨ᠎ᠡ᠃ ᠢᠩᠬᠢᠬᠡᠳ ᠡᠨᠡ ᠬᠤᠸᠠ ᠤᠪᠤᠭ᠎ᠠ ᠳᠤ ᠬᠤᠯᠠᠨ ᠴᠢᠬᠢᠳᠡᠢ ᠦᠷᠬᠦᠯᠵᠢ ᠢᠷᠡᠵᠦ ᠵᠤᠨ ᠳᠠᠭᠠᠨ ᠲᠡᠬᠡᠷᠡᠳᠡᠭ ᠪᠤᠯᠬᠤᠷ ︽ᠬᠤᠯᠠᠩᠳᠦ ᠶᠢᠨ  ᠬᠤᠸᠠ ᠤᠪᠤᠭ᠎ᠠ︾ ᠬᠡᠮᠡᠨ ᠨᠡᠷᠡᠳᠡᠢ ᠪᠤᠯᠤᠭᠰᠠᠨ ᠲᠤᠮᠤᠭ ᠲᠠᠢ᠃ ᠡᠨᠡ ᠨᠤᠳᠤᠭ ᠤᠨ ᠮᠠᠯᠴᠢᠳ ︽ᠬᠤᠯᠠᠩᠳᠦ ᠶᠢᠨ ᠤᠪᠤᠭ᠎ᠠ︾᠎ ᠶᠢ ᠮᠠᠯ ᠰᠦᠷᠦᠭ ᠲᠤ ᠡᠬᠡᠯᠢᠳᠡᠢ ᠭᠠᠵᠠᠷ ᠬᠡᠵᠦ ᠮᠠᠰᠢ ᠲᠡᠬᠡᠳᠦᠯᠡᠳᠡᠭ ᠵᠠᠩᠰᠢᠯ ᠲᠠᠢ᠃     ᠬᠤᠯᠠᠩᠳᠦ ᠶᠢᠨ  ᠬᠤᠸᠠ ᠤᠪᠤᠭᠠᠨ ᠤ ᠡᠮᠦᠨ᠎ᠡ ᠲᠠᠯ᠎ᠠ ᠪᠠᠷ ᠴᠠᠭᠠᠨ ᠭᠤᠤ ᠨᠢᠷᠤᠭᠤ ᠬᠡᠰᠡᠨ ᠬᠤᠸᠠ ᠨᠢᠷᠤᠭᠤᠳ ᠰᠦᠨᠳᠡᠷᠯᠡᠨ᠂ ᠪᠠᠷᠠᠭᠤᠨ ᠲᠠᠯ᠎ᠠ ᠪᠠᠷ ᠨᠢ ᠪᠡᠷᠬᠡ ᠪᠠᠷᠳᠠᠭ᠎ᠠ ᠲᠠᠢ ᠪᠤᠯᠠᠭᠳᠤ ᠶᠢᠨ ᠠᠭᠤᠯᠠ ᠲᠠᠢ ᠵᠠᠯᠭᠠᠯᠳᠤᠵᠦ᠂ ᠪᠠᠷᠠᠭᠤᠨ ᠬᠤᠶᠢᠳᠦ ᠲᠠᠯ᠎ᠠ ᠪᠠᠷ ᠬᠤᠩᠭᠤ ᠶᠢᠨ ᠭᠤᠪᠢ᠂ ᠰᠢᠷᠤᠶᠢᠳᠦ ᠶᠢᠨ ᠬᠦᠷᠡᠩ ᠤᠪᠤᠭ᠎ᠠ ᠲᠠᠢ ᠬᠦᠪᠡᠭᠡ ᠨᠡᠶᠢᠯᠡᠵᠦ᠂ ᠬᠤᠶᠢᠳᠦ  ᠲᠠᠯ᠎ᠠ ᠪᠠᠷ ᠬᠠᠳᠠᠨ  ᠪᠠᠭᠤᠴᠠᠨ ᠬᠡᠰᠡᠨ ᠤᠯᠠᠨ ᠵᠢᠵᠢᠭ ᠬᠠᠷ᠎ᠠ ᠲᠠᠯ ᠲᠠᠢ ᠵᠠᠬ᠎ᠠ ᠨᠡᠶᠢᠯᠡᠵᠦ ᠪᠠᠶᠢᠳᠠᠭ ᠪᠦᠬᠡᠳ ᠡᠨᠡ ᠬᠠᠷ᠎ᠠ ᠲᠡᠯ ᠤᠳ ᠪᠠᠷ ᠡᠷᠳᠡᠨ ᠤ ᠬᠠᠳᠠᠨ ᠵᠢᠷᠤᠭ ᠵᠢᠷᠤᠭᠳᠠᠨ ᠦᠯᠡᠳᠡᠵᠡᠢ᠃     ᠪᠢ ᠰᠦᠨᠢᠳ ᠤᠨ ᠪᠦᠬᠦ ᠨᠤᠳᠤᠭ ᠢᠶᠠᠷ ᠶᠠᠪᠤᠵᠦ᠂ ᠬᠠᠳᠠᠨ ᠵᠢᠷᠤᠭ ᠲᠤ ᠬᠡᠬᠡᠷ᠎ᠡ ᠶᠢᠨ ᠰᠢᠨᠵᠢᠯᠡᠭᠡ ᠬᠢᠵᠦ ᠭᠤᠴᠢᠨ ᠵᠢᠯ ᠢ ᠦᠩᠭᠡᠷᠡᠵᠡᠢ᠃ ᠬᠡᠬᠦ ᠳᠡᠭᠡᠨ ᠠᠵᠠ ᠪᠠᠷ 2009 ᠤᠨ ᠳᠤ ᠬᠤᠯᠠᠩᠳᠦ ᠶᠢᠨ ᠬᠤᠸᠠ ᠤᠪᠤᠭᠠᠨ ᠤ ᠡᠩᠭᠡᠷ ᠲᠠᠭᠤ ᠬᠠᠳᠠ ᠲᠠᠢ ᠲᠤᠯᠤᠭᠠᠳ ᠠᠴᠠ ᠨᠢᠬᠡ ᠪᠦᠯᠦᠭ ᠡᠷᠳᠡᠨ ᠤ ᠰᠤᠨᠢᠷᠬᠠᠯᠳᠠᠢ ᠬᠠᠳᠠᠨ ᠵᠢᠷᠤᠭ ᠤᠳ ᠢ ᠰᠢᠨ᠎ᠡ ᠪᠠᠷ ᠤᠯᠵᠦ ᠢᠯᠡᠷᠡᠬᠦᠯᠦᠭᠰᠡᠨ ᠶᠤᠮ᠂ 2009—2014 ᠤᠨ ᠳᠤ ᠬᠤᠯᠠᠩᠳᠦ ᠶᠢᠨ ᠬᠤᠸᠠ ᠤᠪᠤᠭᠠᠨ ᠎ ᠤ ᠤᠷᠴᠢᠮ ᠠᠴᠠ ᠤᠳᠠᠭ᠎ᠠ ᠲᠠᠷᠠᠭᠠᠯᠠᠨ ᠰᠢᠨ᠎ᠡ ᠪᠠᠷ ᠬᠡᠳᠦᠨ ᠪᠦᠯᠦᠭ ᠬᠠᠳᠠᠨ ᠵᠢᠷᠤᠭ ᠤᠳ ᠢ ᠤᠯᠵᠦ ᠢᠯᠡᠷᠡᠬᠦᠯᠦᠭᠰᠡᠨ ᠨᠢ ᠰᠦᠨᠢᠳ ᠨᠤᠳᠤᠭ ᠪᠤᠯ ᠡᠷᠳᠡᠨ ᠤ ᠬᠠᠳᠠᠨ ᠵᠢᠷᠤᠭ ᠤᠨ  ᠲᠤᠷᠠᠰᠬᠠᠯ ᠢᠶᠠᠷ ᠡᠯᠪᠡᠭ ᠪᠠᠶᠠᠨ ᠤᠷᠤᠨ ᠤ ᠨᠢᠬᠡ ᠬᠡᠰᠡᠨ ᠢ ᠨᠤᠳᠠᠯᠠᠵᠦ ᠪᠠᠶᠢᠨ᠎ᠠ᠃     2009 ᠤᠨ ᠤ 9 ᠰᠠᠷ᠎ᠠ ᠳᠤ ᠬᠤᠯᠠᠩᠳᠦ ᠶᠢᠨ ᠬᠤᠸᠠ ᠤᠪᠤᠭᠠᠨ ᠤ ᠪᠠᠷᠠᠭᠤᠨ ᠲᠠᠯ᠎ᠠ ᠳᠤ ᠤᠷᠤᠰᠢᠬᠤ ᠵᠢᠵᠢᠭ ᠬᠠᠳᠠ ᠲᠠᠢ ᠬᠠᠷ᠎ᠠ ᠲᠡᠯ ᠠᠴᠠ ᠬᠦᠮᠦᠨ ᠰᠠᠭᠤᠭᠰᠠᠨ ᠲᠡᠤᠬᠡ ᠲᠠᠢ ᠮᠤᠷᠢᠨ ᠲᠡᠷᠬᠡ᠂ ᠲᠡᠪᠢᠵᠦ ᠪᠠᠶᠢᠭ᠎ᠠ ᠪᠦᠬᠡ᠂ ᠲᠡᠮᠡᠭᠡ᠂ ᠬᠠᠮᠳᠦ ᠶᠢᠨ ᠪᠦᠵᠢᠭ᠂ ᠬᠦᠮᠦᠨ ᠤ ᠲᠦᠷᠰᠦ ᠲᠠᠮᠠᠭ᠎ᠠ ᠲᠡᠮᠳᠡᠭ᠂᠂᠂᠂᠂᠂᠂᠂ ᠵᠡᠷᠬᠡ ᠬᠠᠳᠠᠨ ᠵᠢᠷᠤᠭ ᠤᠳ ᠤᠯᠳᠠᠵᠠᠢ᠃ ᠡᠨᠡ ᠤᠳᠠᠭ᠎ᠠ ᠢᠯᠡᠷᠡᠬᠦᠯᠦᠭᠰᠡᠨ ᠬᠤᠯᠠᠩᠳᠦ ᠶᠢᠨ ᠬᠠᠳᠠᠨ ᠵᠢᠷᠤᠭ ᠲᠤ ᠬᠠᠮᠤᠭ ᠤᠨ ᠰᠤᠨᠢᠷᠬᠠᠯᠳᠠᠢ ᠨᠢ ᠵᠢᠷᠭᠤᠭᠠᠨ ᠬᠦᠮᠦᠨ ᠤ ᠬᠠᠮᠳᠦ ᠶᠢᠨ ᠠᠨᠳᠠᠢ ᠪᠦᠵᠢᠭ  ᠪᠤᠯᠤᠨ᠎ᠠ᠃ ︵ᠵᠢᠷᠤᠭ— ᠨᠢᠬᠡ︶ ᠪᠦᠵᠢᠭᠯᠡᠵᠦ ᠪᠠᠶᠢᠭ᠎ᠠ ᠬᠦᠮᠦᠰ ᠨᠢ ᠨᠢᠬᠡ ᠭᠠᠷ ᠢᠶᠠᠷ ᠢᠶᠠᠨ ᠰᠦᠪᠡᠭᠡ ᠪᠠᠨ ᠲᠤᠯᠵᠦ᠂ ᠨᠢᠬᠡ ᠭᠠᠷ  ᠎ ᠲᠠᠭᠠᠨ ᠠᠯᠴᠢᠭᠤᠷ ᠪᠤᠶᠤ ᠮᠤᠳᠤᠨ ᠤ ᠨᠠᠮᠠᠭ᠎ᠠ ᠪᠠᠷᠢᠵᠦ᠂ ᠬᠤᠶᠠᠷ ᠬᠦᠯ  ᠎ ᠢᠶᠠᠨ ᠵᠦᠷᠢᠬᠦᠯᠦᠨ ᠭᠠᠵᠠᠷ ᠬᠦᠴᠦᠳᠡᠢ ᠲᠡᠪᠰᠢᠵᠦ ᠪᠠᠶᠢᠭ᠎ᠠ ᠨᠢ ᠵᠢᠷᠭᠤᠭᠠᠨ ᠬᠦᠮᠦᠨ ᠤ ᠪᠦᠵᠢᠭ ᠤᠨ ᠬᠦᠳᠡᠯᠬᠡᠬᠡᠨ ᠤ ᠬᠤᠪᠢ ᠳᠤ ᠬᠦᠳᠦᠯᠦᠯ ᠪᠡᠶᠡᠯᠡᠯ ᠢ ᠮᠠᠰᠢ ᠪᠤᠯᠪᠠᠰᠣᠷᠠᠩᠭᠤᠢ ᠪᠠᠶᠢᠳᠠᠯ ᠲᠠᠢ ᠲᠦᠷᠰᠦᠯᠡᠵᠡᠢ  ᠃ ᠬᠡᠨ ᠥᠵᠡᠭᠰᠠᠨ ᠴᠦ  ᠠᠨᠳᠠᠢ ᠪᠥᠵᠢᠭ ᠬᠡᠵᠦ ᠲᠤᠳᠤᠷᠬᠠᠢ ᠢᠯᠭᠠᠵᠦ ᠴᠢᠳᠠᠬᠤ ᠡᠨᠡᠭᠦ ᠪᠥᠵᠢᠭ ᠤᠨ ᠭᠥᠳᠠᠯᠤᠯ ᠲᠥᠷᠰᠤᠯᠠᠯ ᠨᠢ ᠨᠢᠬᠡᠳᠤᠯᠳᠠᠢ ᠭᠠᠷ ᠭᠥᠯ ᠤᠨ ᠭᠥᠳᠠᠯᠬᠡᠬᠡᠨ ᠨᠢ ᠲᠥᠭᠦᠮ ᠲᠥᠳᠠ  ᠰᠢᠯᠤᠭᠤᠨ‌ᠢᠯᠭᠤᠮ ᠪᠠᠶᠢᠵᠦ ᠪᠥᠵᠢᠭ ᠤᠨ ᠤᠶᠢᠯᠠ ᠭᠥᠳᠠᠯᠤᠯ ᠨᠢ ᠴᠤᠪᠤᠭᠤ ᠲᠡᠭᠵᠢᠨ ᠬᠠᠷᠠᠬᠳᠠᠵᠦ᠂ ᠪᠥᠵᠢᠭᠵᠢᠤᠨ ᠪᠠᠶ᠎ᠠ ᠭᠠᠯᠪᠠᠷ ᠢ ᠤᠷᠠᠨ ᠭᠤᠸᠠᠯᠢᠭ ᠲᠥᠷᠰᠤᠯᠡᠭᠰᠠᠨ ᠨᠢ ᠡᠷᠳᠠᠨ ᠤ ᠪᠥᠵᠢᠭ —  ᠠᠨᠳᠠᠢ ᠪᠥᠵᠢᠭ ᠤᠨ ᠤᠷᠠᠯᠢᠭ᠂  ᠬᠡᠯᠪᠡᠷᠢ ᠭᠥᠳᠠᠯᠤᠯ ᠪᠠᠶᠠᠯᠠᠯ ᠢ ᠥᠨᠡᠬᠡᠷ ᠭᠤᠶᠢᠳᠠ ᠰᠠᠶᠢᠬᠠᠨ ᠲᠥᠷᠰᠤᠯᠠᠭᠦ ᠤᠷᠠᠯᠢᠭ ᠤᠨ ᠬᠡᠯᠪᠡᠷᠢ ᠪᠠᠷ ᠢᠯᠡᠤᠡᠬᠡᠵᠦ ᠴᠢᠳᠠᠵᠠᠢ᠃ ᠪᠥᠵᠢᠭᠯᠡᠵᠦ ᠪᠠᠶᠢᠭ᠎ᠠ ᠭᠥᠮᠤᠰ ᠤᠨ ᠦᠰᠦᠷᠴᠦ ᠬᠠᠷᠠᠶᠢᠵᠦ ᠪᠠᠶᠢᠬᠤ ᠴᠤᠪᠤᠭᠤ ᠲᠡᠭᠵᠢᠨ ᠤᠶᠢᠯᠠ ᠭᠥᠳᠠᠯᠬᠡᠬᠡᠨ ᠨᠢ ᠲᠡᠳᠠᠬᠡᠷ ᠪᠥᠵᠢᠭᠵᠢᠤᠨ ᠤᠨ ᠪᠠᠶᠠᠷ ᠭᠥᠷ ᠲᠤᠳᠤᠭᠠᠳᠤ ᠰᠠᠤᠡᠬᠢᠯᠬᠡ ᠶᠢᠨ ᠬᠢᠨᠢ ᠲᠤᠳᠤᠯᠤᠯ  ᠎ ᠢ ᠢᠯᠠᠷᠠᠭᠦᠯᠤᠭ᠍ᠰᠠᠨ ᠨᠢ ᠲᠤᠬᠠᠢ ᠶᠢᠨ ᠥᠶ᠎ᠠ ᠶᠢᠨ ᠵᠢᠷᠤᠭᠠᠴᠢᠳ ᠤᠷ᠎ᠠ ᠮᠡᠷᠬᠡᠵᠢᠯ ᠎ ᠢ ᠢᠯᠠᠷᠬᠡᠶᠢᠯᠠᠵᠦ ᠠᠠᠳᠠᠢ ᠪᠥᠵᠢᠭ ᠢ ᠲᠠᠭᠤᠯᠠᠨ ᠪᠥᠵᠢᠭᠯᠡᠵᠦ ᠪᠠᠶᠢᠬᠰᠠᠨ ᠲᠠᠷᠨ ᠥᠶ᠎ᠠ ᠶᠢᠨ ᠠᠮᠢᠳᠤᠷᠠᠯ ᠢᠶᠠᠨ ᠬᠠᠳᠠᠨ ᠲᠡᠬᠡᠷ᠎ᠠ ᠥᠨᠡᠨ ᠢᠶᠠᠷ ᠨᠢ ᠥᠯᠡᠳᠡᠬᠡᠵᠠᠢ᠃ ᠬᠠᠳᠠᠨ ᠵᠢᠷᠤᠭ ᠲᠠᠬᠢ ᠪᠥᠵᠢᠭ ᠨᠢ ᠲᠤᠬᠠᠢ ᠶᠢᠨ ᠥᠶ᠎ᠠ ᠶᠢᠨ ᠭᠥᠮᠤᠰ ᠎ ᠤᠨ ᠪᠤᠳᠠᠳᠤ ᠠᠮᠢᠳᠤᠷᠠᠯ ᠠᠴᠠ ᠢᠷᠠᠯᠳᠠᠢ᠃ ᠬᠠᠳᠠᠨ ᠪᠠᠭᠤᠴᠨ ᠤ ᠬᠠᠳᠠᠨ ᠵᠢᠷᠤᠭ ᠲᠠᠬᠢ ᠬᠠᠮᠳᠤ ᠶᠢᠨ ᠪᠥᠵᠢᠭ ᠬᠤᠯᠠᠩᠳᠤ ᠶᠢᠨ ᠬᠠᠳᠠᠨ ᠵᠢᠷᠤᠭ ᠲᠠᠬᠢ ᠠᠨᠳᠠᠢ ᠶᠢᠨ ᠪᠥᠵᠢᠭ ᠨᠢ  ᠪᠦᠷ ᠠᠳᠠ ᠠᠵᠦ ᠲᠥᠷᠤᠨ ᠠᠮᠢᠳᠤᠷᠠᠵᠦ ᠪᠠᠶᠢᠬᠰᠠᠨ ᠡᠷᠳᠠᠨ ᠤ ᠭᠥᠮᠤᠰ ᠤᠨ ᠠᠵᠦ ᠠᠮᠢᠳᠤᠷᠠᠯ ᠪᠥᠵᠢᠭ ᠴᠠᠩᠬᠡᠨ ᠤ ᠥᠨᠡᠨ ᠲᠡᠮᠳᠡᠭᠯᠠᠯ ᠪᠠᠶᠢᠵᠦ ᠲᠠᠭᠠᠷᠠᠨ᠎ᠠ᠃ ᠪᠥᠵᠢᠭ ᠬᠡᠳᠡᠭ ᠤᠷᠠᠯᠢᠭ ᠪᠤᠯ ᠠᠶ᠎ᠠ᠂ ᠡᠬᠡᠰᠢᠭ᠂ ᠲᠠᠭᠤᠤ ᠤᠶᠠᠩᠭ᠎ᠠ᠂ ᠪᠡᠶᠡᠯᠡᠭᠡ ᠭᠥᠳᠠᠯᠤᠯ ᠤᠨ ᠤᠶᠠᠯᠳᠤᠯ ᠶᠤᠮ᠃ ᠡᠶᠢᠮᠤ ᠤᠷᠠᠯᠢᠭ ᠭᠥᠭᠵᠢᠭᠰᠡᠨ ᠥᠶ᠎ᠠ ᠶᠢᠨ ᠭᠥᠮᠤᠰ᠂ ᠡᠨᠡᠭᠦ ᠤᠷᠠᠯᠢᠭ ᠰᠤᠶᠤᠯ ᠢᠶᠠᠨ ᠬᠠᠳᠠᠨ ᠴᠢᠯᠠᠭᠤᠨ ᠳᠤ ᠤᠷᠠᠯᠠᠨ ᠥᠯᠡᠳᠠᠬᠡᠭᠦ ᠨᠢ ᠵᠥᠢ ᠶᠤᠰᠤᠨ ᠤ ᠤᠴᠢᠷ ᠭᠡᠵᠤ ᠤᠶᠢᠯᠭᠠᠵᠦ ᠪᠤᠯᠤᠨ᠎ᠠ᠃ ᠲᠠᠷᠤᠢ ᠲᠠᠷᠨ ᠥᠶ᠎ᠠ ᠶᠢᠨ ᠭᠥᠮᠤᠰ᠂ ᠤᠪᠤᠭ ᠠᠶᠢᠮᠠᠭ ᠤᠨ ᠶᠠᠮᠠᠷ ᠨᠢᠬᠡᠨ ᠲᠤᠮᠤᠬᠠᠨ ᠤᠶᠢᠯᠠ ᠬᠡᠷᠡᠭ  ᠎ ᠢ ᠲᠠᠮᠳᠡᠭᠯᠠᠭᠦ ᠳᠡᠭᠡᠨ ᠨᠢᠬᠡᠨ ᠲᠤᠤᠷ᠎ᠠ ᠴᠤᠬᠯᠠᠷᠠᠵᠦ ᠲᠠᠭᠤᠯᠠᠨ ᠪᠥᠵᠢᠭᠯᠡᠵᠦ ᠨᠠᠶᠢᠷᠠᠯᠳᠠᠨ ᠴᠠᠩᠬᠡᠯᠳᠤᠭᠦ ᠲᠤᠬᠢᠶᠠᠯᠳᠤᠯ ᠲᠠᠷᠠ ᠥᠶ᠎ᠠ ᠳᠤ ᠵᠥᠭᠳᠠᠬᠡᠨ ᠪᠠᠶᠢᠬᠰᠠᠨ ᠪᠠᠶᠢᠬ᠎ᠠ᠃ ᠡᠶᠢᠮᠤ ᠠᠴᠠ ᠡᠬᠡᠰᠢᠭᠯᠡᠬᠦ ᠢᠰᠤᠷᠬᠡᠭᠦ ᠲᠠᠭᠤᠯᠠᠬᠤ ᠤᠶᠠᠩᠭᠠᠯᠠᠬᠤ ᠢᠨᠢᠶᠠᠵᠦ ᠬᠠᠰᠬᠢᠷᠤᠯᠳᠤᠬᠤ ᠪᠠᠶᠠᠷᠯᠠᠵᠦ ᠭᠥᠪᠰᠤᠭᠦ ᠰᠠᠤᠡᠬᠢᠯ ᠤᠨ ᠶᠡᠭᠡ ᠲᠤᠬᠳᠤᠯᠤᠯ ᠢᠶᠠᠨ ᠥᠰᠤᠷᠵᠦ ᠬᠠᠷᠠᠶᠢᠬᠤ ᠲᠠᠪᠰᠢᠵᠦ ᠴᠠᠮᠠᠨᠠᠬᠤ ᠨᠠᠬᠢᠯᠠᠵᠢᠨ ᠲᠤᠶᠠᠯᠵᠢᠬᠤ ᠪᠠᠶ᠎ᠠ ᠶᠢᠨ ᠤᠶᠢᠯᠠ ᠭᠥᠳᠠᠯᠬᠡᠬᠡᠨ ᠢᠶᠠᠷ ᠢᠯᠠᠷᠬᠡᠶᠢᠯᠠᠭᠦ ᠪᠡᠶᠡᠯᠡᠭᠡ ᠡᠭᠦᠰᠴᠤ ᠬᠠᠮᠳᠤ ᠪᠠᠷ ᠎ ᠢᠶᠠᠨ ᠪᠥᠵᠢᠭᠯᠡᠨ ᠲᠠᠭᠤᠯᠠᠵᠦ ᠨᠠᠶᠢᠷᠠᠯᠳᠤᠨ ᠴᠠᠩᠬᠡᠯᠳᠤᠵᠦ ᠠᠮᠢᠳᠤᠷᠠᠯ  ᠎ ᠠᠴᠠ ᠬᠢᠵᠠᠭᠠᠯᠠᠰᠢ ᠥᠬᠡᠢ ᠬᠠᠪᠤ ᠴᠠᠩᠬᠡᠯ ᠡᠳ᠋ᠯᠠᠳᠡᠭ ᠪᠠᠶᠢᠬᠰᠠᠨ ᠢᠶᠠᠨ ᠮᠠᠷᠳᠠᠯ ᠥᠬᠡᠢ ᠰᠠᠨᠠᠵᠦ ᠬᠠᠳᠠᠨ ᠴᠢᠯᠠᠭᠤᠨ ᠳᠤ ᠤᠷᠠᠯᠠᠨ ᠥᠯᠡᠳᠠᠬᠡᠵᠠᠢ᠃ ᠡᠨᠠ ᠪᠤᠯ ᠬᠠᠳᠠᠨ ᠵᠢᠷᠤᠭ ᠲᠠᠬᠢ ᠡᠷᠳᠠᠨ ᠤ ᠪᠥᠵᠢᠭ ᠤᠨ ᠲᠥᠷᠰᠤᠯᠠᠯ ᠪᠤᠯᠤᠨ᠎ᠠ᠃ ᠬᠤᠯᠠᠩᠳᠤ ᠶᠢᠨ  ᠬᠠᠳᠠᠨ ᠳᠠᠬᠢ ᠮᠤᠷᠢᠨ ᠲᠠᠷᠬᠡ ᠶᠢᠨ ᠵᠢᠷᠤᠭ ᠨᠢ ᠭᠥᠮᠤᠨ ᠰᠠᠭᠤᠬᠰᠠᠨ ᠰᠡᠤᠬᠡ ᠲᠡᠷᠬᠡ ᠳᠤ ᠨᠢᠬᠡ ᠮᠤᠷᠢ ᠭᠥᠯᠯᠠᠵᠦ ᠶᠠᠪᠤᠭ᠎ᠠ ᠲᠥᠷᠰᠤᠯᠠᠯ ᠪᠤᠯᠤᠨ᠎ᠠ᠃ ︵ᠵᠢᠷᠤᠭ — ᠬᠤᠶᠠᠷ︶ ᠮᠤᠷᠢ ᠭᠥᠯᠯᠡᠭᠰᠠᠨ ᠰᠡᠤᠬᠡ ᠲᠡᠷᠬᠡ ᠶᠢ ᠪᠠᠷᠠᠭᠤᠡᠰᠢ ᠶᠠᠪᠤᠵᠦ ᠪᠠᠶᠢᠭ᠎ᠠ ᠪᠠᠷ ᠵᠢᠷᠤᠬᠰᠠᠨ ᠪᠠᠶᠢᠨ᠎ᠠ  ᠃ ᠰᠠᠤᠬᠡ ᠳᠤ ᠰᠠᠭᠤᠭ᠎ᠠ ᠭᠥᠮᠤᠨ  ᠎ ᠨᠢ ᠮᠤᠷᠢᠨ ᠲᠠᠷᠬᠡ ᠪᠠᠨ ᠵᠢᠯᠤᠭᠤᠳᠤᠨ ᠬᠢᠯᠢᠵᠦ ᠶᠠᠪᠤᠭ᠎ᠠ ᠎ ᠢᠶᠠᠷ ᠢᠯᠠᠤᠡᠬᠡᠭᠰᠠᠨ ᠨᠢ ᠶᠡᠬᠡᠬᠡᠨ ᠥᠪᠡᠷᠮᠢᠴᠨ ᠤᠡᠴᠠᠯᠢᠭ ᠲᠠᠢ ᠪᠤᠯᠤᠬᠰᠠᠨ ᠨᠢ ᠠᠵᠢᠭᠯᠠᠭᠳᠠᠨ᠎ᠠ᠃ ᠲᠡᠷᠬᠡ ᠲᠡᠬᠡᠷ᠎ᠠ ᠢᠰᠡᠬᠡᠢ ᠮᠤᠳᠤᠨ ᠪᠥᠳᠤᠴᠨ ᠳᠠᠬᠢ ᠲᠥᠷᠪᠡᠯᠵᠢᠨ ᠬᠡᠯᠪᠠᠷᠢᠳᠠᠢ ᠰᠠᠤᠬᠡ ᠵᠤᠬᠢᠶᠠᠵᠦ ᠬᠢᠭᠰᠡᠨ ᠨᠢ ᠥᠬᠡᠷ᠎ᠠ ᠤᠯᠠᠨ ᠭᠠᠵᠠᠷ ᠤᠨ ᠬᠠᠳᠠᠨ ᠵᠢᠷᠤᠭ ᠲᠠᠬᠢ ᠲᠡᠷᠬᠡ ᠶᠢᠨ ᠵᠢᠷᠤᠭ ᠲᠤ ᠬᠤᠪᠤᠷ ᠲᠤᠬᠢᠶᠠᠯᠳᠤᠳᠠᠭ ᠪᠤᠯᠬᠤᠷ ᠰᠠᠳᠤᠪ ᠶᠢᠨ ᠬᠤᠪᠢ ᠳᠤ ᠶᠡᠭᠡ ᠰᠤᠨᠢᠷᠬᠠᠯᠳᠠᠢ ᠪᠠᠶᠢᠨ᠎ᠠ᠃ ᠮᠤᠷᠢᠨ ᠲᠡᠷᠬᠡ ᠶᠢᠨ ᠲᠤᠭᠤᠢ ᠨᠢ ᠬᠠᠷᠢᠴᠠᠩᠭᠤᠢ ᠲᠤᠮᠤ ᠪᠥᠬᠡᠤᠨ ᠨᠠᠢᠮᠠᠨ ᠬᠡᠬᠡᠰᠤ ᠲᠠᠢ᠃     ᠬᠤᠯᠠᠩᠳᠤ ᠶᠢᠨ ᠬᠠᠳᠠᠨ ᠵᠢᠷᠤᠭ ᠲᠠᠬᠢ ᠲᠡᠮᠡᠭᠡ ᠶᠢ ᠪᠤᠰᠤᠤᠨ ᠭᠠᠵᠠᠷ ᠤᠨ ᠬᠠᠳᠠᠨ ᠵᠢᠷᠤᠭ ᠲᠠᠬᠢ ᠲᠡᠮᠡᠭᠡ ᠎ ᠶᠢᠨ ᠵᠢᠷᠤᠭ ᠠᠴᠠ ᠠᠷᠠᠢ ᠤᠡᠳᠤᠤ ᠶᠠᠩᠵᠦ ᠶᠢᠨ ᠤᠷᠠᠯᠠᠬᠤ ᠠᠷᠭ᠎ᠠ ᠶᠢ ᠬᠡᠷᠡᠭᠯᠠᠵᠠᠢ᠃  ᠴᠣᠪᠤᠵᠦ ᠶᠠᠪᠤᠭ᠎ᠠ ᠭᠤᠷᠪᠡᠨ ᠲᠡᠮᠡᠭᠡ ᠶᠢ ᠡᠮᠤᠨ᠎ᠠ ᠠᠴᠠ ᠨᠢᠬᠡ ᠶᠠᠪᠠᠭᠠᠨ ᠭᠥᠮᠤᠨ ᠠᠮᠠᠳᠠᠵᠦ ᠠᠪᠤᠭᠠᠤᠨ ᠬᠠᠰᠢᠬᠤ ᠪᠠᠷ ᠶᠠᠪᠤᠵᠦ ᠪᠠᠶᠢᠭ᠎ᠠ᠂ ᠠᠷᠤ ᠎ ᠠᠴᠠ ᠨᠢ ᠨᠢᠬᠡ ᠶᠠᠪᠠᠭᠠᠨ ᠭᠥᠮᠤᠨ ᠲᠠᠭᠤᠵᠦ ᠪᠠᠶᠢᠬᠤ ᠪᠠᠷ ᠵᠢᠷᠤᠵᠠᠢ᠃ ︵ᠵᠢᠷᠤᠭ — ᠭᠤᠷᠪᠡ︶     ᠨᠢᠬᠡ ᠭᠥᠮᠤᠨ ᠢ ᠨᠢ ᠲᠤᠶᠢᠮᠤᠵᠢᠯᠠᠨ ᠵᠢᠷᠤᠵᠦ᠂ ᠨᠢᠬᠡ ᠭᠥᠮᠤᠨ ᠢ ᠨᠢ ᠡᠮᠤᠰᠬᠡᠯ ᠲᠠᠢ ᠵᠢᠷᠤᠵᠠᠢ᠃ ᠴᠤᠪᠤᠵᠦ ᠶᠠᠪᠤᠭ᠎ᠠ ᠭᠤᠷᠪᠡᠨ ᠲᠡᠮᠡᠭᠡ ᠶᠢ ᠲᠥᠷᠰᠤᠯᠠᠭᠦ ᠳᠡᠭᠡᠨ ᠨᠢᠬᠡ ᠲᠡᠮᠡᠭᠡ ᠶᠢ ᠶᠠᠭᠤ ᠨᠢᠬᠡ ᠶᠠᠭᠤᠮ᠎ᠠ ᠠᠴᠠ ᠥᠷᠭᠦᠭᠰᠠᠨ ᠪᠠᠶᠢᠳᠠᠯ ᠲᠠᠢ᠂ ᠨᠥᠭᠦᠬᠡ ᠨᠢᠬᠡ ᠲᠡᠮᠡᠭᠡ ᠶᠢ ᠠᠯᠤᠰ ᠢ ᠠᠵᠢᠭᠯᠠᠨ ᠰᠢᠭᠤᠤᠨ ᠶᠠᠪᠤᠵᠦ ᠪᠠᠶᠢᠭ᠎ᠠ ᠰᠠᠭᠦᠯ ᠤᠨ ᠨᠢᠬᠡ ᠲᠡᠮᠡᠭᠡ ᠶᠢ ᠲᠠᠶᠢᠪᠤᠭᠤᠨ ᠠᠯᠬᠤᠵᠦ ᠶᠠᠪᠤᠭ᠎ᠠ ᠪᠠᠷ ᠵᠢᠷᠤᠵᠦ ᠢᠯᠠᠤᠡᠬᠡᠭᠰᠠᠨ ᠨᠢ ᠡᠳᠠᠬᠡᠷ ᠲᠡᠮᠡᠬᠡᠤᠨ ᠤᠨ ᠵᠠᠩ ᠠᠭᠠᠰᠢ ᠤᠶᠢᠯᠠ ᠭᠥᠳᠠᠯᠬᠡᠬᠡᠨ ᠢ ᠮᠠᠰᠢ ᠠᠮᠢᠳᠤᠯᠢᠭ᠂ ᠲᠥᠷᠰᠦᠯᠢᠭ ᠢᠶᠠᠷ ᠵᠢᠷᠤᠬᠰᠠᠨ ᠤᠡᠴᠠᠯᠢᠭ ᠲᠠᠢ᠃ ᠴᠤᠪᠤᠵᠦ ᠶᠠᠪᠤᠭ᠎ᠠ ᠭᠤᠷᠪᠡᠨ ᠲᠡᠮᠡᠭᠡ ᠶᠠᠷᠤ ᠨᠢ ᠶᠡᠮᠡᠷ ᠨᠢᠬᠡᠨ ᠶᠠᠭᠤᠮ᠎ᠠ ᠠᠴᠠ ᠥᠷᠭᠦᠨ ᠲᠠᠶᠢᠵᠢᠵᠦ ᠶᠠᠪᠤᠭ᠎ᠠ ᠪᠠᠶᠢᠳᠠᠯ  ᠎ ᠢ ᠲᠥᠷᠰᠤᠯᠠᠵᠠᠢ ᠃ ᠲᠡᠮᠡᠭᠡ ᠶᠢ ᠵᠢᠷᠤᠬᠤ ᠳᠠᠭᠠᠨ ᠬᠠᠨᠭ᠍ᠭᠠᠢ ᠬᠤᠤᠰ ᠥᠡᠳᠤᠷ ᠰᠢᠷᠡᠭᠡ ᠪᠥᠭᠦ ᠲᠠᠢ᠂ ᠪᠠᠶ᠎ᠠ ᠪᠢᠯᠳᠠᠷ ᠨᠢ ᠲᠤᠮᠤ᠂ ᠲᠠᠷᠭᠤ ᠭᠥᠴᠤ ᠰᠠᠶᠢᠡᠳᠠᠢ᠂ ᠪᠠᠶᠢᠳᠠᠯ ᠲᠠᠢ ᠵᠢᠷᠤᠬᠯᠠᠵᠠᠢ᠃ ᠲᠡᠮᠡᠭᠡ ᠶᠢ ᠤᠷᠠᠯᠠᠬᠤ ᠳᠠᠭᠠᠨ ᠪᠥᠭᠦ ᠪᠠᠶ᠎ᠠ ᠶᠢ ᠨᠢ ᠲᠠᠩ ᠱᠤᠭᠤᠮ ᠵᠢᠷᠤᠭᠠᠰᠤ ᠪᠠᠷ ᠭᠥᠪᠡᠬᠡᠯᠡᠨ ᠭᠠᠷᠭᠠᠵᠦ᠂ ᠡᠬᠢ ᠪᠠᠶ᠎ᠠ ᠶᠢ ᠨᠢ ᠨᠠᠶᠢᠳᠠᠮ ᠳᠤᠨᠢ ᠤᠤᠯ ᠬᠠᠳᠠᠨ ᠤ ᠬᠢᠨᠢ ᠥᠡᠭᠬᠡ ᠪᠠᠷ ᠥᠯᠡᠳᠠᠬᠡᠵᠦ᠂ ᠲᠤᠯᠤᠭᠠᠢ ᠶᠢᠨ ᠬᠡᠰᠡᠭ ᠭᠥᠵᠤᠭᠦᠤ᠂ ᠬᠤᠶᠠᠷ ᠪᠥᠭᠦ ᠶᠢ ᠨᠢ ᠬᠤᠨᠭ᠍ᠬᠤᠶᠢᠯᠠᠨ ᠥᠷᠤᠵᠦ ᠭᠠᠷᠭᠠᠭᠰᠠᠨ ᠢ ᠠᠵᠢᠭᠯᠠᠬᠤ ᠳᠤ ᠡᠷᠳᠠᠨ ᠤ ᠬᠠᠭᠤᠴᠢᠨ ᠴᠢᠯᠠᠭᠤᠨ ᠵᠡᠪᠰᠡᠭ ᠤᠨ ᠥᠶ᠎ᠠ ᠶᠢᠨ ᠬᠠᠳᠠᠨ ᠵᠢᠷᠤᠭ ᠤᠨ ᠤᠷᠠᠯᠠᠬᠤ ᠤᠯᠠᠮᠵᠢᠯᠠᠯᠳᠤ ᠠᠷᠭ᠎ᠠ ᠶᠢ ᠬᠡᠷᠡᠭᠯᠡᠭᠰᠠᠨ ᠨᠢ ᠰᠠᠨᠠᠮᠠᠰᠠᠷ ᠥᠬᠡᠢ ᠲᠤᠬᠢᠶᠠᠯᠳᠤᠯ ᠯᠠᠪ ᠪᠢᠰᠢ᠃ ᠮᠥᠨ ᠬᠤᠯᠠᠩᠳᠤ ᠶᠢᠨ ᠬᠠᠳᠠᠨ ᠳᠤ ᠨᠢᠬᠡᠨ ᠲᠡᠮᠡᠭᠡ ᠶᠢ ᠵᠡᠷᠯᠢᠭ ᠲᠤᠬᠰᠢᠨ ᠮᠠᠶ᠋ᠢᠭ ᠲᠠᠢ ᠲᠥᠷᠰᠤᠯᠡᠭᠰᠠᠨ ᠨᠢ ᠭᠤᠪᠢ ᠶᠢᠨ ᠵᠡᠷᠯᠢᠭ ᠬᠠᠪᠳᠠᠭᠠᠢ ᠶᠢ ᠰᠠᠨᠠᠬᠳᠠᠭᠤᠯᠤᠨ᠎ᠠ᠃ ᠭᠠᠭᠴᠠᠭᠠᠷ ᠢᠶᠠᠨ ᠥᠷᠭᠦᠵᠦ ᠶᠠᠪᠤᠭ᠎ᠠ ᠲᠠᠮᠡᠭᠡ ︵ᠵᠢᠷᠤᠭ — ᠲᠥᠷᠪᠡ︶᠎ ᠨᠢ ᠮᠠᠰᠢ ᠠᠮᠢᠳᠤᠯᠢᠭ᠃ ᠬᠤᠶᠠᠷ ᠴᠢᠬᠢ ᠪᠠᠨ ᠰᠠᠷᠳᠠᠯᠵᠢᠭᠦᠯᠤᠨ ᠬᠤᠨᠭ᠍ᠰᠢᠶᠠᠷ ᠢᠶᠠᠨ ᠱᠤᠪᠤᠶᠢᠯᠬᠡᠨ ᠭᠥᠵᠤᠭᠦᠤ ᠪᠠᠨ ᠲᠠᠬᠡᠭᠰᠢ ᠤᠶᠢᠯᠠᠶᠢᠯᠬᠡᠨ ᠰᠠᠭᠦᠯ ᠢᠶᠠᠨ ᠡᠷᠳᠠᠶᠢᠯᠬᠡᠨ᠂ ᠰᠤᠴᠢᠨ ᠥᠷᠭᠦᠵᠦ ᠲᠠᠶᠢᠵᠢᠨ ᠵᠢᠭᠤᠳᠠᠵᠦ ᠪᠠᠶᠢᠭ᠎ᠠ ᠪᠠᠶᠢᠳᠠᠯ ᠢ ᠥᠨᠡᠨ ᠪᠤᠳᠠᠳᠠᠢ ᠲᠤᠰᠬᠠᠵᠦ᠂ ᠲᠡᠮᠡᠭᠡ ᠬᠡᠰᠠᠨ ᠠᠮᠢᠳᠠᠨ ᠤ ᠤᠮᠤᠭ ᠰᠥᠷ ᠢ ᠲᠤᠪᠤᠶᠢᠯᠭᠠᠨ ᠤᠷᠠᠯᠢᠭ ᠢᠯᠠᠤᠡᠬᠡᠵᠠᠢ᠃ ᠤᠷᠠᠯᠠᠬᠤ ᠳᠠᠭᠠᠨ ᠪᠥᠭᠦ ᠪᠠᠶ᠎ᠠ ᠶᠢ ᠨᠢ ᠲᠠᠩ ᠵᠢᠷᠤᠭᠠᠰᠤᠨ ᠱᠤᠭᠤᠮ ᠢᠶᠠᠷ ᠭᠥᠪᠡᠬᠡᠯᠡᠨ ᠭᠠᠷᠭᠠᠵᠦ ᠪᠠᠶ᠎ᠠ ᠭᠠᠯᠪᠠᠷ ᠢ ᠎ ᠨᠢ ᠤᠥᠯ ᠬᠠᠳᠠᠨ ᠤ ᠥᠡᠭᠬᠡ ᠪᠠᠷ ᠨᠢ ᠥᠯᠡᠳᠠᠬᠡᠵᠦ᠂ ᠲᠤᠯᠤᠭᠠᠢ᠂ ᠬᠤᠤᠰ ᠪᠥᠬᠡ᠂ ᠭᠥᠵᠤᠭᠦᠤ ᠶᠢᠨ ᠬᠡᠰᠡᠭ ᠶᠢ ᠬᠤᠨᠭ᠍ᠬᠤᠶᠢᠯᠠᠨ ᠥᠷᠤᠵᠦ ᠭᠠᠷᠭᠠᠬᠰᠠᠨ ᠪᠠᠶᠢᠨ᠎ᠠ᠃ ᠬᠤᠯᠠᠩᠳᠤ ᠶᠢᠨ ᠬᠠᠳᠠᠨ ᠵᠢᠷᠤᠭ ᠲᠠᠬᠢ ᠲᠡᠮᠡᠬᠡᠨ ᠤ ᠲᠥᠷᠰᠤ ᠶᠢ ᠨᠠᠷᠢᠨ ᠠᠵᠢᠭᠯᠠᠪᠠᠯ᠂ ᠬᠠᠪᠳᠠᠭᠠᠢ ᠶᠢᠨ ᠰᠢᠡᠵᠢ ᠲᠥᠷᠭᠦ — ᠬᠤᠶᠠᠷ ᠪᠥᠬᠡ ᠶᠢᠨ ᠬᠤᠭᠤᠷᠤᠡᠳᠤ ᠶᠢᠨ ᠵᠠᠢ ᠨᠢ ᠶᠡᠭᠡ ︵ᠬᠠᠨᠭ᠍ᠭᠠᠢ︶ ᠬᠡᠳᠠᠰᠤ ᠨᠢ ᠨᠠᠷᠢᠪᠳᠤᠷ᠂ ᠲᠤᠬᠰᠢᠨ ᠲᠥᠯᠬᠡᠨ ᠵᠠᠩ ᠠᠭᠠᠰᠢ ᠵᠡᠷᠬᠡ ᠶᠢᠨ ᠤᠡᠴᠠᠯᠢᠭ ᠤᠳ ᠬᠠᠷᠠᠬᠳᠠᠵᠦ ᠪᠠᠶᠢᠳᠠᠭ᠃ ᠶᠠᠭᠤ ᠴᠦ ᠬᠡᠰᠠᠨ ᠬᠤᠯᠠᠩᠳᠤ ᠶᠢᠨ ᠬᠠᠳᠠᠨ ᠲᠠᠬᠢ ᠲᠡᠮᠡᠭᠡ ᠶᠢᠨ ᠵᠢᠷᠤᠭ ᠪᠤᠯ ᠲᠠᠷᠨ ᠥᠶ᠎ᠠ ᠳᠤ ᠡᠨᠡᠭᠦ ᠭᠤᠪᠢ ᠨᠤᠳᠤᠭ ᠲᠤ ᠪᠠᠶᠢᠬᠰᠠᠨ ᠬᠠᠪᠳᠠᠭᠠᠢ ᠶᠢᠨ ᠲᠥᠷᠰᠤ ᠪᠤᠶᠤ ᠭᠥᠮᠤᠨ ᠬᠠᠪᠳᠠᠭᠠᠢ ᠶᠢ ᠵᠡᠷᠯᠢᠭ ᠥᠶ᠎ᠠ ᠠᠴᠠ ᠨᠢ ᠬᠡᠷᠠᠰᠢᠭᠦᠯᠤᠨ ᠭᠠᠷᠰᠢᠭᠤᠯᠬᠤ ᠪᠠᠷ ᠤᠷᠤᠯᠳᠤᠯᠭ᠎ᠠ ᠬᠢᠵᠦ ᠪᠠᠶᠢᠬᠰᠠᠨ ᠥᠶ᠎ᠠ ᠶᠢᠨ ᠪᠥᠳᠤᠬᠡᠯ ᠬᠡᠵᠦ ᠥᠵᠡᠭᠦ ᠪᠤᠯᠤᠮᠵᠢ  ᠤᠯᠭᠤᠭᠤᠯᠵᠦ ᠪᠠᠶᠢᠨ᠎ᠠ᠃ ᠬᠤᠯᠠᠩᠳᠤ ᠶᠢᠨ ᠬᠠᠳᠠᠨ ᠵᠢᠷᠤᠭ ᠢ 2009 ᠤᠨ ᠳᠤ ᠠᠩᠬ᠎ᠠ ᠤᠳᠠᠭ᠎ᠠ ᠤᠯᠵᠦ ᠢᠯᠠᠷᠠᠭᠦᠯᠤᠭ᠍ᠰᠠᠨ ᠠᠴᠠ ᠬᠤᠶᠢᠰᠢ 2014 ᠤᠨ ᠳᠤ ᠲᠡᠬᠢᠨ ᠨᠢᠬᠡ ᠤᠳᠠᠭ᠎ᠠ ᠬᠤᠯᠠᠩᠳᠤ ᠶᠢᠨ  ᠬᠤᠸᠠ ᠤᠪᠤᠭᠠᠨ ᠤ ᠤᠷᠴᠢᠮ ᠢᠶᠠᠷ ᠨᠠᠶᠢᠳᠠᠮ ᠤᠨ ᠬᠠᠶᠢᠨ ᠰᠢᠡᠵᠢᠯᠯᠡᠭᠡ ᠬᠢᠪᠡ᠃ ᠡᠨᠡ ᠤᠳᠠᠭᠠᠨ ᠬᠠᠶᠢᠨ ᠰᠢᠡᠵᠢᠯᠯᠡᠬᠡᠨ ᠳᠤ ᠬᠤᠯᠠᠩᠳᠤ ᠎ ᠶᠢᠨ ᠬᠤᠸᠠ ᠤᠪᠤᠭᠠᠨ ᠠᠴᠠ ᠥᠨᠡᠬᠡᠷ ᠨᠠᠯᠢᠶᠠᠤᠨ  ᠤᠯᠠᠨ ᠬᠠᠳᠠᠨ ᠵᠢᠷᠤᠭ ᠤᠳ ᠢ ᠰᠢᠨ᠎ᠠ ᠪᠠᠷ ᠤᠯᠵᠦ ᠢᠯᠠᠷᠠᠭᠦᠯᠤᠭ᠍ᠰᠠᠨ ᠤ ᠲᠤᠳᠤᠷ᠎ᠠ ᠮᠠᠰᠢ ᠰᠤᠨᠢᠷᠬᠠᠯᠳᠠᠢ ᠵᠢᠷᠤᠭ ᠤᠳ ᠴᠦ ᠪᠤᠢ᠃ 2014 ᠤᠨ ᠳᠤ ᠬᠤᠯᠠᠩᠳᠤ ᠶᠢᠨ  ᠬᠤᠸᠠ ᠤᠪᠤᠭᠠᠨ ᠠᠴᠠ ᠢᠯᠠᠷᠠᠭᠦᠯᠡᠭᠰᠠᠨ ᠤ ᠲᠤᠳᠤᠷ᠎ᠠ ᠮᠠᠰᠢ ᠰᠤᠨᠢᠷᠬᠠᠯᠳᠠᠢ ᠵᠢᠷᠤᠭ ᠤᠳ ᠴᠦ ᠪᠤᠢ᠃ 2014 ᠤᠨ ᠳᠤ ᠬᠤᠯᠠᠩᠳᠤ ᠶᠢᠨ ᠤᠬᠠᠭ᠎ᠠ ᠤᠪᠤᠭᠠᠨ ᠠᠴᠠ ᠢᠯᠠᠷᠠᠭᠦᠯᠤᠭ᠍ᠰᠠᠨ ᠬᠠᠳᠠᠨ ᠵᠢᠷᠤᠭ ᠤᠨ ᠲᠤᠳᠤᠷ᠎ᠠ ᠠᠴᠢᠶ᠎ᠠ ᠲᠠᠢ ᠥᠬᠡᠷ ᠲᠡᠷᠬᠡ ᠭᠥᠳᠤᠯᠤᠭ᠍ᠰᠠᠨ ᠶᠠᠪᠠᠭᠠᠨ ᠭᠥᠮᠤᠨ ᠲᠠᠪᠢᠵᠦ ᠪᠠᠶᠢᠭ᠎ᠠ ᠪᠥᠬᠡᠴᠤᠤᠨ᠂ ᠵᠡᠷᠯᠢᠭ ᠠᠳᠤᠭᠤ᠂ ᠮᠤᠷᠢᠳᠠᠢ ᠭᠥᠮᠤᠨ᠂ ᠤᠯᠠᠨ ᠵᠡᠷᠯᠢᠭ ᠠᠳᠤᠭᠤ ᠵᠢᠴᠢ ᠭᠥᠮᠤᠨ ᠵᠡᠷᠬᠡ ᠵᠢᠷᠤᠭ ᠤᠳ ᠪᠤᠢ᠃ ᠬᠤᠯᠠᠩᠳᠤ ᠶᠢᠨ ᠤᠬᠠᠭ᠎ᠠ ᠤᠪᠤᠭᠠᠨ ᠤ ᠡᠮᠤᠨ᠎ᠠ ᠪᠠᠷᠠᠭᠤᠨ ᠡᠮᠤᠨ᠎ᠠ ᠨᠢ ᠤᠯᠠᠨ ᠬᠠᠷ᠎ᠠ ᠲᠠᠯ ᠤᠳ ᠪᠤᠢ᠃ ᠡᠨᠡ ᠤᠯᠠᠨ ᠬᠠᠷ᠎ᠠ ᠲᠠᠯ ᠤᠨ ᠨᠢᠬᠡᠨ ᠬᠠᠪᠳᠠᠭᠠᠢ ᠡᠯᠢᠬᠡᠨ ᠭᠥᠬᠡ ᠬᠠᠳᠠᠨ  ᠲᠡᠬᠡᠷ᠎ᠠ 230 cm×180cm ᠲᠠᠯᠠᠪᠤᠷ ᠡᠵᠡᠯᠡᠭᠦᠯᠤᠨ ᠵᠢᠷᠤᠬᠰᠠᠨ 87 ᠰᠢᠷᠬᠡᠭ ᠵᠢᠷᠤᠭ ᠥᠯᠡᠳᠠᠬᠡᠵᠠᠢ᠃ ᠡᠨᠡ ᠲᠠᠯᠠᠪᠤᠷ ᠵᠢᠷᠤᠭ ᠲᠤ ᠭᠥᠮᠤᠨ ᠤ ᠤᠶᠢᠯᠠ ᠭᠥᠳᠠᠯᠬᠡᠬᠡᠨ  ᠎ ᠢ ᠲᠥᠷᠰᠤᠯᠡᠭᠰᠠᠨ  ᠂ ᠥᠷᠭᠦᠵᠦ ᠵᠢᠭᠤᠳᠤᠵᠦ ᠪᠤᠢ ᠵᠡᠷᠯᠢᠭ ᠠᠳᠤᠭᠤᠳ᠂ ᠠᠳᠤᠭᠤᠤᠨ ᠤᠨ ᠲᠥᠷᠰᠤ ᠶᠢ ᠶᠠᠩᠵᠦ ᠪᠥᠷᠢ ᠵᠢᠨ‌ᠤᠶᠢᠯᠠ ᠭᠥᠳᠠᠯᠬᠡᠬᠡᠨ ᠢᠶᠠᠷ ᠲᠤᠰᠠᠬᠠᠵᠦ ᠢᠯᠠᠤᠡᠬᠡᠭᠰᠠᠨ — ᠨᠢᠬᠡ ᠲᠠᠯᠠᠪᠤᠷ ᠴᠤᠭᠴᠨ ᠵᠢᠷᠤᠭ ᠪᠤᠯᠤᠨ ᠪᠥᠷᠢᠯᠳᠤᠭ᠍ᠰᠠᠨ ᠵᠢᠷᠤᠭ ᠎ ᠤᠳ ᠢ ᠠᠵᠢᠭᠯᠠᠬᠤ ᠳᠤ ᠨᠢᠬᠡ ᠳᠤ ᠵᠡᠷᠯᠢᠭ ᠠᠳᠤᠭᠤᠨ ᠰᠥᠷᠤᠭ᠌ ᠢ ᠪᠥᠷ ᠨᠢᠬᠡ ᠵᠥᠭ ᠲᠤ ᠶᠠᠪᠤᠭ᠎ᠠ ᠪᠠᠷ ᠲᠥᠷᠰᠤᠯᠠᠵᠠᠢ᠃ ᠬᠤᠶᠠᠷ ᠲᠤ᠂ ᠵᠡᠷᠯᠢᠭ ᠠᠳᠤᠭᠤᠨ ᠰᠥᠷᠤᠭ᠌ ᠨᠢ ᠥᠷᠭᠦᠵᠦ ᠲᠠᠶᠢᠵᠢᠬᠰᠠᠨ ᠮᠠᠶ᠋ᠢᠭ ᠲᠠᠢ᠃ ᠵᠠᠷᠢᠮ ᠎ ᠨᠢ ᠲᠠᠪᠬᠢᠵᠦ ᠪᠠᠶᠢᠭ᠎ᠠ ᠵᠠᠷᠢᠮ ᠨᠢ ᠮᠠᠰᠢ ᠰᠠᠷᠠᠮᠵᠢ ᠲᠠᠢ ᠠᠯᠤᠰ ᠢ ᠬᠠᠷᠠᠵᠦ ᠪᠠᠶᠢᠭ᠎ᠠ᠂ ᠵᠠᠷᠢᠮ ᠨᠢ ᠵᠤᠬᠰᠤᠵᠦ ᠪᠠᠶᠢᠭ᠎ᠠ ᠪᠤᠶᠤ ᠵᠢᠭᠤᠳᠠᠬᠤ ᠳᠤ ᠪᠡᠯᠡᠬᠡᠨ ᠪᠠᠶᠢᠭ᠎ᠠ ᠲᠥᠯᠤᠪ ᠲᠠᠢ ᠵᠡᠷᠬᠡ ᠬᠡᠳᠤᠨ ᠶᠠᠩᠵᠦ ᠭᠥᠳᠤᠯᠤᠯ ᠪᠠᠷᠢᠯ  ᠎ ᠢ ᠢᠯᠡᠤᠡᠬᠡᠵᠡᠢ᠃ ᠭᠤᠷᠪᠡ  ᠎ ᠳᠤ᠂ ᠨᠢᠬᠡ ᠵᠥᠭ ᠲᠤ ᠥᠷᠭᠦᠨ ᠲᠠᠶᠢᠵᠢᠵᠦ ᠶᠠᠪᠤᠭ᠎ᠠ ᠠᠳᠤᠭᠤᠨ ᠤ ᠥᠬᠡᠳᠠ ᠠᠴᠠ ᠤᠯᠠᠨ ᠶᠠᠪᠠᠭᠠᠨ ᠭᠥᠮᠤᠨ ᠬᠦᠷᠢᠶᠡᠯᠡᠨ ᠪᠥᠰᠠᠯᠠᠵᠦ ᠠᠪᠤᠭᠠᠤᠨ ᠬᠠᠰᠢᠵᠦ ᠪᠠᠶᠢᠭ᠎ᠠ ᠥᠵᠡᠭᠳᠠᠯ  ᠎ ᠢ ᠲᠤᠰᠬᠠᠵᠠᠢ᠃ ᠲᠥᠷᠪᠡ  ᠎ ᠳᠤ᠂ ᠭᠥᠮᠤᠨ ᠤ ᠲᠥᠷᠰᠤ ᠶᠢ ᠭᠠᠷ ᠢᠶᠠᠨ ᠡᠷᠬᠦᠵᠦ ᠵᠠᠷᠢᠮ ᠨᠢ ᠭᠠᠷ ᠢᠶᠠᠨ ᠠᠯᠳᠠᠭᠤᠯᠤᠨ ᠵᠡᠷᠯᠢᠭ ᠠᠳᠤᠭᠤ ᠶᠢ ᠬᠠᠰᠢᠵᠦ ᠠᠪᠤᠭᠠᠤᠨ ᠪᠠᠷᠢᠬᠤ ᠬᠡᠰᠠᠨ ᠤᠶᠢᠯᠡ ᠭᠥᠳᠠᠯᠬᠡᠬᠡᠨ ᠢ ᠢᠯᠡᠤᠡᠬᠡᠵᠡᠢ᠃ ᠭᠥᠮᠤᠨ ᠤ ᠲᠥᠷᠰᠤᠯᠠᠭᠦ ᠳᠡᠭᠡᠨ ᠡᠷ᠎ᠠ ᠪᠡᠯᠬᠡ ᠶᠢᠨ ᠡᠷᠬᠡᠳᠠᠨ ᠢ ᠤᠡᠴᠨ ᠲᠤᠪᠤᠶᠢᠯᠠᠭᠠᠬᠰᠠᠨ ᠤᠡᠴᠠᠯᠢᠭ ᠲᠠᠢ᠃ ᠨᠢᠬᠡᠨ ᠬᠠᠪᠳᠠᠭᠠᠢ ᠡᠯᠢᠬᠡᠨ ᠬᠠᠳᠠᠨ ᠤ ᠲᠤᠯᠢᠶᠠᠨ ᠲᠡᠬᠡᠷ᠎ᠠ ᠵᠡᠷᠯᠢᠭ ᠠᠳᠤᠭᠤᠤᠨ ︵ᠬᠤᠯᠠᠨ︶ ᠪᠤᠯᠤᠨ ᠭᠥᠮᠤᠨ ᠤ ᠲᠥᠷᠰᠤ ᠶᠢ ᠪᠥᠭᠦ ᠲᠠᠯᠠᠪᠠᠢ ᠶᠢ ᠡᠵᠡᠯᠡᠭᠦᠯᠤᠨ ᠲᠥᠭᠦᠷᠠᠳᠠᠯ᠎ᠠ ᠵᠢᠷᠤᠬᠰᠠᠨ ᠪᠤᠯᠪᠠᠴᠤ ᠥᠬᠡᠷ᠎ᠠ ᠠᠮᠢᠳᠠᠨ ᠠᠷᠢᠶᠠᠳᠠᠨ ᠤ ᠵᠢᠷᠤᠭ᠎ᠠ ᠥᠬᠡᠢ᠃ ᠵᠡᠷᠯᠢᠭ ᠠᠳᠤᠭᠤᠤᠨ ︵ᠬᠤᠯᠠᠨ︶  ᠎ ᠢ ᠡᠮᠤᠨ᠎ᠠ ᠠᠴᠠ ᠨᠢ ᠲᠤᠰᠴᠤ ᠠᠪᠤᠭᠠᠤᠨ ᠪᠥᠰᠠᠯᠠᠨ ᠭᠥᠷᠢᠶᠠᠯᠠᠵᠦ ᠬᠠᠰᠢᠵᠦ ᠪᠠᠶᠢᠭᠠᠤᠨ ᠪᠠᠷᠢᠬᠤ ︵ᠨᠤᠮᠤᠤᠭᠠᠬᠤ ᠵᠤᠷᠢᠯᠭ᠎ᠠ ᠲᠠᠢ ᠤᠷᠤᠯᠳᠤᠯᠭ᠎ᠠ ᠤᠶᠢᠯᠠᠳᠤᠯᠬᠡ ᠬᠢᠵᠦ ᠪᠠᠶᠢᠭ᠎ᠠ ᠶᠤᠮ ᠤᠤ ᠡᠰᠠᠭᠦᠯ᠎ᠠ ᠠᠩᠬᠠᠬᠤ ᠵᠤᠷᠢᠯᠭ᠎ᠠ ᠲᠠᠢ ᠪᠥᠰᠠᠯᠠᠵᠦ ᠪᠠᠶᠢᠭ᠎ᠠ ᠶᠤᠮ ᠤᠤ︶ ᠡᠭᠦᠨ ᠤ ᠠᠯᠢ ᠠᠯᠢᠨ ᠨᠢ ᠴᠦ ᠪᠠᠶᠢᠵᠦ ᠪᠤᠯᠬᠤ ᠤᠶᠢᠯᠠ ᠠᠵᠢᠯᠯᠠᠭᠠᠨ ᠤ ᠰᠠᠳᠤᠪ ᠠᠭᠤᠯᠭ᠎ᠠ ᠲᠠᠢ ᠥᠨᠡᠨ ᠠᠮᠢᠳᠤᠷᠠᠯ ᠠᠬᠤᠢ ᠶᠢᠨ ᠮᠠᠰᠢ ᠲᠥᠷᠰᠦᠯᠢᠭ ᠰᠠᠶᠢᠬᠠᠨ ᠠᠮᠢᠳᠤᠯᠢᠭ ᠪᠤᠳᠠᠳᠠᠢ ᠵᠢᠷᠤᠵᠠᠢ  ᠃     ᠵᠡᠷᠯᠢᠭ ᠠᠳᠤᠭᠤᠤᠨ ᠭᠥᠮᠤᠨ ᠤ ᠰᠠᠳᠤᠪᠳᠤ ᠡᠨᠡ ᠲᠠᠯᠠᠪᠤᠷ ᠵᠢᠷᠤᠭ ᠢ ᠲᠥᠷᠰᠤᠯᠠᠨ ᠤᠷᠠᠯᠠᠬᠤ ᠳᠠᠭᠠᠨ ᠤᠷᠠᠯᠢᠭ ᠰᠠᠤᠡᠬᠢᠮᠵᠢ ᠶᠢᠨ ᠮᠠᠰᠢ ᠨᠠᠷᠢᠯᠢᠭ ᠵᠢᠷᠤᠵᠠᠢ᠃ ᠨᠢᠬᠡ ᠰᠥᠷᠤᠭ᠌ ᠵᠡᠷᠯᠢᠭ ᠠᠳᠤᠭᠤᠤᠨ  ᠎ ᠢ ᠰᠥᠷᠤᠭ᠌ ᠪᠥᠳᠤᠴᠨ ᠨᠠᠰᠤ ᠭᠥᠢᠰᠤ ᠶᠢ ᠮᠠᠰᠢ ᠲᠤᠳᠤᠷᠬᠠᠢ ᠢᠯᠠᠤᠡᠬᠡᠵᠠᠢ᠃ ᠵᠡᠷᠢᠮ ᠠᠳᠤᠭᠤ ᠶᠢ ᠶᠠᠩᠬᠠᠷ ᠲᠤᠮᠤ ᠲᠤᠯᠤᠭᠠᠢ ᠎ ᠲᠠᠢ᠂ ᠭᠥᠵᠤᠭᠦᠤ ᠴᠠᠬᠡᠵᠢ ᠥᠷᠬᠡᠨ᠂ ᠵᠤ ᠨᠢᠷᠤᠭᠤ ᠬᠤᠳᠤᠭᠤᠷ᠂ ᠥᠤᠡᠬᠡᠨ ᠤᠷᠳᠤ ᠰᠠᠭᠦᠯ ᠲᠠᠢ᠂ ᠡᠷ᠎ᠠ ᠪᠡᠯᠬᠡ ᠶᠢ ᠲᠤᠳᠤᠷᠬᠠᠶᠢᠯᠠᠭᠰᠠᠨ ᠲᠠᠷᠤᠢ ᠠᠵᠢᠷᠭ᠎ᠠ ᠬᠡᠵᠦ ᠥᠵᠡᠵᠦ ᠪᠤᠯᠬᠤ ᠪᠠᠷ ᠲᠥᠷᠰᠤᠯᠠᠵᠠᠢ᠃ ᠪᠠᠰᠠ ᠵᠡᠷᠢᠮ ᠠᠳᠤᠭᠤ ᠶᠢ ᠪᠠᠰᠠᠷᠡᠭ ᠰᠢᠭ᠋ ᠪᠠᠶ᠎ᠠ ᠲᠠᠢ᠂ ᠰᠤᠭᠤᠳᠤᠩ ᠪᠤᠰᠤᠭ᠎ᠠ ᠴᠢᠬᠢ ᠲᠠᠢ᠂ ᠨᠠᠷᠢᠬᠠᠨ ᠭᠥᠵᠤᠭᠦᠤ ᠲᠠᠢ ᠠᠭᠤᠵᠢᠭᠤ ᠤᠷᠳᠤ ᠨᠢᠷᠤᠭᠤ ᠲᠠᠢ᠂ ᠤᠷᠳᠤ ᠨᠠᠷᠢᠬᠠᠨ ᠰᠡᠭᠦᠯ ᠲᠠᠢ ᠪᠤᠰᠤᠤᠨ ᠠᠳᠤᠭᠤᠤᠨ ᠢᠶᠠᠨ ᠪᠤᠳᠤᠪᠠᠯ ᠬᠠᠷᠢᠴᠠᠩᠭᠤᠢ ᠲᠤᠮᠤ ᠬᠡᠳᠠᠰᠤ ᠲᠠᠢ᠂ ᠴᠢᠴᠨ ᠰᠢᠯᠪᠢ ᠥᠡᠳᠤᠷ ᠪᠠᠶᠢᠳᠠᠯ ᠲᠠᠢ ᠵᠢᠷᠤᠬᠰᠠᠨ ᠨᠢ ᠬᠡᠭᠦᠥ ᠪᠤᠯᠤᠯᠳᠠᠢ᠃ ᠴᠢᠬᠢ ᠪᠠᠨ ᠬᠤᠯᠢᠮᠠᠶᠢᠬᠠᠰᠠᠨ ᠵᠢᠵᠢᠭ ᠲᠤᠯᠤᠭᠠᠢ ᠲᠠᠢ᠂ ᠬᠤᠳᠤᠭᠤᠷᠳᠤᠭᠤ ᠨᠢᠷᠤᠭᠤ ᠲᠠᠢ᠂ ᠪᠤᠭᠤᠨᠢ ᠰᠠᠭᠦᠯ ᠲᠠᠢ ᠥᠡᠳᠤᠷ ᠴᠢᠴᠨ ᠲᠠᠢ ᠶᠡᠭᠡ ᠴᠤᠪᠤᠭᠤ ᠲᠡᠭᠵᠢᠨ ᠪᠠᠶᠢᠳᠠᠯ ᠲᠠᠢ ᠵᠢᠷᠤᠬᠰᠠᠨ ᠨᠢ ᠤᠨᠠᠭ᠎ᠠ ᠶᠢ ᠢᠯᠡᠷᠬᠡᠶᠢᠯᠡᠭᠰᠡᠨ ᠨᠢ ᠲᠤᠳᠤᠷᠬᠠᠢ᠃  ᠪᠡᠶ᠎ᠠ ᠪᠢᠯᠳᠠᠷ ᠨᠢ ᠲᠤᠮᠤ ᠪᠥᠳᠤᠭᠦᠨ ᠨᠤᠮᠤᠬᠠᠨ ᠲᠤᠬᠳᠠᠭᠤᠨ ᠪᠠᠶᠢᠳᠠᠯ ᠲᠠᠢ᠂ ᠵᠠᠷᠢᠮ ᠨᠢ ᠪᠠᠶ᠎ᠠ ᠪᠢᠯᠳᠠᠷ ᠨᠢ ᠪᠠᠰᠠᠷᠡᠭ᠂ ᠲᠤᠬᠰᠢᠨ ᠲᠥᠯᠬᠢᠨ ᠵᠠᠩ ᠲᠠᠢ ᠵᠠᠷᠢᠮ ᠨᠢ ᠵᠢᠵᠢᠭ ᠪᠠᠶ᠎ᠠ ᠲᠠᠢ ᠲᠠᠪᠬᠢᠵᠦ ᠥᠰᠤᠷᠤᠨ ᠶᠡᠬᠡᠯ᠎ᠠ ᠴᠤᠪᠤᠭᠤ ᠲᠡᠭᠵᠢᠨ ᠶᠠᠩᠵᠦ ᠲᠠᠢ ᠪᠠᠶᠢᠭ᠎ᠠ ᠨᠢ ᠨᠠᠰᠤ ᠭᠥᠢᠰᠤ ᠰᠥᠷᠤᠭ᠌ ᠤᠨ ᠪᠥᠳᠤᠴᠨ ᠲᠠᠢ ᠬᠤᠯᠪᠤᠭᠠᠳᠠᠢ ᠪᠥᠬᠡᠤᠨ ᠡᠭᠦᠨ ᠢ ᠢᠡᠭᠬᠢᠵᠦ ᠲᠥᠷᠰᠦᠯᠢᠭ᠂ ᠠᠮᠢᠳᠤᠯᠢᠭ᠂ ᠪᠤᠳᠠᠳᠠᠢ ᠵᠢᠷᠤᠬᠰᠠᠨ ᠨᠢ ᠤᠷᠠᠯᠢᠭ ᠤᠨ ᠬᠤᠪᠢ ᠳᠤ ᠮᠠᠰᠢ ᠥᠡᠳᠤᠷ ᠪᠤᠯᠪᠠᠰᠤᠷᠠᠯ ᠲᠠᠢ᠂ ᠰᠠᠤᠡᠬᠢᠮᠵᠢ ᠶᠢᠨ ᠬᠤᠪᠢ ᠳᠤ ᠤᠷᠠᠯᠢᠭ ᠤᠨ ᠢᠯᠡᠳᠬᠡᠬᠦ  ᠴᠢᠳᠠᠪᠤᠷᠢ ᠴᠢᠩᠭ᠎ᠠ ᠰᠤᠳᠤᠨ ᠪᠥᠳᠤᠬᠡᠯ ᠪᠤᠯᠤᠨ᠎ᠠ᠃ ᠵᠡᠷᠯᠢᠭ ᠠᠳᠤᠭᠤᠤᠨ ︵ᠬᠤᠯᠠᠨ︶᠎ ᠢ  ᠪᠥᠰᠠᠯᠠᠨ ᠠᠪᠤᠵᠦ ᠬᠠᠰᠢᠵᠦ ᠪᠠᠶᠢᠭ᠎ᠠ ᠭᠥᠮᠤᠨ ᠶᠢ ᠲᠥᠷᠰᠤᠯᠠᠭᠦ ᠳᠡᠭᠡᠨ ᠲᠤᠶᠢᠮᠤᠴᠢᠯᠠᠨ ᠵᠢᠷᠤᠬᠤ ᠠᠷᠭ᠎ᠠ ᠶᠢ ᠬᠡᠷᠡᠭᠯᠠᠵᠠᠢ᠃ ᠭᠥᠮᠤᠨ ᠶᠢ ᠵᠢᠷᠤᠬᠤ ᠳᠠᠭᠠᠨ ᠬᠤᠶᠠᠷ ᠭᠠᠷ ᠎ ᠢᠶᠠᠨ ᠲᠤᠬᠤᠢ ᠪᠠᠷ ᠨᠢ ᠨᠤᠭᠤᠯᠤᠨ ᠲᠡᠬᠡᠭᠰᠢ ᠡᠷᠭᠦᠨ ᠬᠤᠶᠠᠷ ᠭᠥᠯ ᠢᠶᠠᠨ ᠠᠯᠴᠠᠶᠢᠯᠭᠠᠨ ᠡᠪᠤᠳᠤᠭ᠌ ᠢᠶᠠᠷ ᠢᠶᠠᠨ ᠥᠯᠤ ᠮᠡᠳᠡᠭ ᠨᠤᠭᠤᠯᠤᠨ ᠡᠷ᠎ᠠ ᠪᠡᠯᠬᠡ ᠶᠢᠨ ᠡᠷᠬᠡᠳᠠᠨ ᠢ ᠲᠤᠪᠤᠶᠢᠯᠭᠠᠨ ᠵᠤᠬᠰᠤᠭ᠎ᠠ ᠪᠠᠶᠢᠳᠠᠯ ᠲᠠᠢ ᠵᠠᠷᠢᠮ ᠭᠥᠮᠤᠨ ᠢ ᠬᠤᠶᠠᠷ ᠭᠠᠷ ᠢᠶᠠᠨ ᠠᠯᠳᠠᠯᠠᠨ ᠭᠥᠯ ᠵᠶ᠋ᠠᠨ‌ᠠᠯᠴᠠᠶᠢᠯᠭᠠᠨ ᠰᠥᠷ ᠥᠵᠡᠭᠦᠯᠤᠨ ᠪᠠᠶᠢᠭ᠎ᠠ ᠮᠠᠶ᠋ᠢᠭ ᠲᠠᠢ᠂ ᠪᠠᠰᠠ ᠵᠠᠷᠢᠮ ᠭᠥᠮᠤᠨ ᠢ ᠬᠤᠶᠠᠷ ᠭᠠᠷ ᠢᠶᠠᠨ  ᠲᠤᠭᠤᠭᠰᠢ᠂ ᠲᠤᠬᠤᠢ ᠪᠠᠷ ᠨᠢ ᠨᠤᠭᠤᠯᠤᠨ ᠤᠡᠵᠠᠶᠢᠭᠤᠯᠤᠨ ᠭᠥᠯ ᠢᠶᠠᠨ ᠶᠡᠭᠡ ᠠᠯᠴᠠᠶᠢᠯᠠᠭᠠᠨ ᠡᠷ᠎ᠠ ᠪᠡᠯᠬᠡ ᠶᠢᠨ ᠡᠷᠬᠡᠳᠠᠨ ᠢ ᠤᠡᠴᠨ ᠲᠤᠪᠤᠶᠢᠯᠭᠠᠨ ᠭᠥᠶᠤᠵᠦ ᠶᠠᠪᠤᠭ᠎ᠠ ᠪᠠᠶᠢᠳᠠᠯ ᠲᠠᠢ᠃ ᠪᠠᠰᠠ ᠵᠠᠷᠢᠮ  ᠭᠥᠮᠤᠨ ᠢ ᠬᠤᠶᠠᠷ ᠭᠠᠷ ᠢᠶᠠᠨ ᠰᠢᠭᠤᠤᠨ ᠲᠠᠬᠡᠭᠰᠢ ᠪᠠᠨ ᠡᠷᠭᠦᠨ ᠬᠤᠶᠠᠷ ᠭᠥᠯ ᠢᠶᠠᠨ ᠠᠯᠴᠠᠶᠢᠨ ᠡᠷ᠎ᠠ ᠪᠡᠯᠬᠡ ᠶᠢᠨ ᠡᠷᠬᠡᠳᠠᠨ ᠢ ᠨᠢ ᠲᠤᠪᠤᠶᠢᠯᠭᠠᠨ  ᠬᠠᠰᠢᠵᠦ ᠬᠤᠷᠢᠬᠤ ᠪᠠᠷ ᠵᠡᠷᠯᠢᠭ ᠠᠳᠤᠭᠤᠤᠨ ᠤᠷᠤᠭᠤ ᠶᠠᠭᠠᠷᠠᠯᠳᠠᠢ ᠶᠠᠪᠤᠭ᠎ᠠ ᠪᠠᠶᠢᠳᠠᠯ ᠲᠠᠢ ᠲᠥᠷᠰᠤᠯᠠᠵᠠᠢ᠃ ᠡᠨᠡ ᠨᠢᠬᠡᠨ ᠲᠠᠯᠠᠪᠤᠷᠢ ᠵᠢᠷᠤᠭ ᠲᠠᠬᠢ ᠭᠥᠮᠤᠨ ᠤ ᠲᠥᠷᠰᠤ ᠶᠢ ᠪᠥᠷ ᠲᠤᠶᠢᠮᠤᠡᠵᠢᠯᠠᠨ ᠵᠢᠷᠤᠬᠰᠠᠨ ᠨᠢᠬᠡᠨ ᠤᠡᠴᠠᠯᠢᠭ ᠲᠠᠢ᠂ ᠥᠷᠤᠵᠦ ᠬᠤᠨᠭ᠍ᠬᠤᠶᠢᠯᠠᠨ ᠵᠢᠷᠤᠬᠤ ᠠᠷᠭ᠎ᠠ ᠶᠢ ᠬᠡᠷᠡᠭᠯᠠᠵᠠᠢ᠃ ᠪᠠᠶ᠎ᠠ ᠶᠢᠨ ᠭᠥᠳᠠᠯᠤᠯ ᠠᠴᠠ ᠠᠵᠢᠭᠯᠠᠬᠤ ᠳᠤ ᠤᠯᠠᠨ ᠠᠳᠤᠭᠤᠤᠨ ᠢ ᠰᠢᠭᠤᠤᠨ ᠬᠠᠰᠢᠵᠦ ᠭᠥᠷᠢᠶᠠᠯᠠᠨ ᠬᠤᠷᠢᠵᠦ ᠲᠤᠬᠳᠠᠭᠠᠬᠤ ᠶᠢᠨ ᠲᠥᠯᠤᠬᠡ ᠰᠤᠴᠠᠭᠠᠵᠦ ᠥᠷᠭᠦᠬᠡᠭᠦ ᠵᠤᠷᠢᠭᠤᠯᠤᠯᠳᠠ ᠲᠠᠢ ᠪᠤᠳᠠᠳᠤ ᠠᠵᠢᠯᠯᠠᠭᠠᠨ ᠤ ᠲᠥᠷᠰᠤᠯᠠᠯ᠂ ᠤᠶᠢᠯᠠ ᠭᠥᠳᠠᠯᠬᠡᠬᠡᠨ ᠤ ᠬᠢᠨᠢ ᠥᠨᠡᠨ ᠵᠢᠷᠤᠬᠯᠠᠯ ᠪᠤᠯᠵᠦ᠂ ᠴᠢᠳᠠᠬᠰᠠᠨ ᠪᠠᠶᠢᠳᠠᠭ᠃ ᠭᠥᠮᠤᠨ ᠢ ᠭᠤᠷᠪᠡᠨ ᠠᠳᠠᠯᠢ ᠥᠬᠡᠢ ᠭᠠᠷ ᠤᠨ ᠤᠶᠢᠯᠠ ᠭᠥᠳᠠᠯᠬᠡᠬᠡᠨ ᠢᠶᠠᠷ ᠲᠥᠷᠰᠤᠯᠠᠵᠠᠢ᠃ ① ᠬᠤᠶᠠᠷ ᠭᠠᠷ ᠢᠶᠠᠨ ᠠᠯᠳᠠᠯᠠᠨ ᠲᠡᠬᠡᠭᠰᠢ ᠡᠷᠭᠦᠭᠰᠠᠨ ᠬᠤᠶᠠᠷ ᠭᠥᠯ ᠢᠶᠠᠨ ᠶᠡᠬᠡᠯ᠎ᠠ ᠠᠯᠴᠠᠶᠢᠨ ᠬᠤᠶᠠᠷ ᠡᠪᠤᠳᠤᠭ᠌ ᠢᠶᠠᠨ ᠨᠤᠭᠤᠯᠤᠨ ᠯᠠᠪᠳᠠᠭᠤᠨ ᠵᠤᠬᠰᠤᠬᠰᠠᠨ ︵ᠡᠷ᠎ᠠ ᠪᠡᠯᠬᠡ ᠶᠢᠨ ᠡᠷᠬᠡᠳᠡᠨ ᠢ ᠢᠯᠠᠷᠬᠡᠢ ᠲᠤᠪᠤᠶᠢᠯᠭᠠᠬᠰᠠᠨ︶② ᠬᠤᠶᠠᠷ ᠭᠠᠷ ᠢᠶᠠᠨ ᠲᠤᠬᠤᠢ ᠪᠠᠷ ᠢᠶᠠᠨ ᠨᠤᠭᠤᠯᠤᠨ ᠲᠡᠬᠡᠭᠰᠢ ᠡᠷᠭᠦᠵᠦ ᠬᠤᠶᠠᠷ ᠭᠥᠯ ᠢᠶᠠᠨ ᠠᠯᠴᠠᠶᠢᠯᠠᠭᠠᠨ ᠬᠤᠶᠠᠷ ᠡᠪᠤᠳᠤᠭ᠌ ᠢᠶᠠᠨ ᠥᠯᠤ ᠮᠡᠳᠡᠭ ᠨᠤᠭᠤᠯᠤᠨ ᠵᠤᠬᠰᠤᠭ᠎ᠠ ︵ᠡᠷ᠎ᠠ ᠪᠡᠯᠬᠡ ᠶᠢᠨ ᠡᠷᠬᠡᠳᠡᠨ ᠢ ᠲᠤᠪᠤᠶᠢᠯᠭᠠᠬᠰᠠᠨ︶ ᠪᠠᠶᠢᠳᠠᠯ ᠲᠠᠢ᠃③ ᠬᠤᠶᠠᠷ ᠭᠠᠷ ᠢᠶᠠᠨ ᠲᠤᠭᠤᠭᠰᠢ ᠢᠶᠠᠨ ᠤᠡᠵᠡᠶᠢᠭᠤᠯᠤᠨ ︵ᠡᠷ᠎ᠠ ᠪᠡᠯᠬᠡ ᠶᠢᠨ ᠡᠷᠬᠡᠳᠡᠨ ᠢ ᠢᠯᠠ ᠲᠤᠪᠤᠶᠢᠯᠭᠠᠬᠰᠠᠨ︶ ᠪᠠᠶᠢᠳᠠᠯ ᠲᠠᠢ᠃ ᠲᠥᠷᠰᠤᠯᠡᠭᠰᠠᠨ ᠨᠢ ᠲᠠᠷᠨ ᠥᠶ᠎ᠠ ᠶᠢᠨ ᠭᠥᠮᠤᠨ ᠤ ᠠᠮᠢᠳᠤᠷᠠᠯ᠂ ᠠᠬᠤᠢ ᠵᠢᠴᠢ ᠠᠳᠤᠭᠤ ᠲᠠᠢ ᠶᠠᠮᠠᠷ ᠬᠠᠷᠢᠴᠠᠭ᠎ᠠ ᠎ ᠲᠠᠢ ᠪᠠᠶᠢᠬᠰᠠᠨ ᠢ ᠲᠤᠰᠬᠠᠬᠰᠠᠨ ᠢᠶᠠᠷ ᠢᠶᠠᠨ ᠥᠨᠡᠬᠡᠷ ᠰᠤᠳᠤᠯᠠᠭᠠᠨ ᠤ ᠥᠨ᠎ᠠ ᠥᠷᠳᠡᠭ ᠲᠠᠢ ᠪᠠᠶᠢᠳᠠᠭ᠃ ᠡᠨᠡ ᠲᠠᠯᠠᠪᠤᠷᠢ ᠵᠢᠷᠤᠭ ᠤᠨ ᠭᠥᠮᠤᠨ ᠤ ᠲᠥᠷᠰᠤ ᠵᠢᠷᠤᠭ ᠪᠤᠯ ᠨᠢᠬᠡ ᠵᠥᠭ ᠲᠤ ᠨᠢᠬᠡ ᠵᠤᠷᠢᠯᠭ᠎ᠠ ᠲᠠᠢ ᠪᠠᠷ ᠲᠡᠷᠨ ᠤᠯᠠᠨ ᠵᠡᠷᠯᠢᠭ ᠠᠳᠤᠭᠤᠤᠨ ᠢ ᠬᠠᠰᠢᠬᠤ ᠪᠠᠷᠢᠬᠤ ᠭᠥᠷᠢᠶᠠᠯᠠᠨ  ᠠᠪᠬᠤ ᠬᠡᠰᠠᠨ ᠬᠠᠮᠳᠤ ᠶᠢᠨ ᠤᠶᠢᠯᠠ ᠭᠥᠳᠠᠯᠬᠡᠬᠡᠨ ᠤ ᠠᠳᠠᠯᠢ ᠪᠤᠰᠤ ᠲᠤᠳᠤᠭᠠᠳᠤ ᠰᠠᠤᠡᠬᠢᠯᠬᠡ ᠶᠢᠨ ᠲᠤᠬᠳᠤᠯᠤᠯ  ᠎ ᠢ ᠢᠯᠠᠷᠬᠡᠶᠢᠯᠡᠭᠰᠠᠨ ᠥᠡᠳᠤᠷ ᠲᠥᠪᠰᠢᠨ ᠳᠤ ᠭᠥᠷᠤᠭ᠍ᠰᠠᠨ ᠤᠷᠠᠯᠢᠭ ᠤᠨ ᠪᠥᠳᠤᠬᠡᠯ ᠬᠡᠵᠦ ᠬᠡᠯᠡᠵᠦ ᠪᠤᠯᠤᠨ᠎ᠠ᠃ ᠡᠨᠡ ᠲᠠᠯᠠᠪᠤᠷ ᠵᠢᠷᠤᠭ ᠨᠢ ᠶᠡᠭᠡ ᠬᠠᠭᠤᠴᠢᠷᠠᠨ ᠤᠤᠯ ᠬᠠᠳᠠᠨ ᠤ ᠪᠠᠨ ᠥᠡᠭᠬᠡ ᠲᠠᠢ ᠡᠬᠡᠬᠡ ᠠᠳᠠᠯᠢᠬᠠᠨ ᠪᠤᠯᠵᠦ ᠬᠤᠪᠢᠷᠠᠬᠰᠠᠨ ᠪᠤᠯᠪᠠᠴᠤ ᠵᠢᠷᠤᠭ ᠰᠠᠯᠳᠠ ᠨᠢ ᠮᠠᠰᠢ ᠲᠤᠳᠤᠷᠬᠠᠢ ᠮᠡᠳᠡᠭᠳᠠᠵᠦ ᠤᠤᠯ ᠵᠢᠷᠤᠭ ᠤᠨ ᠤᠤᠠᠬ᠎ᠠ ᠰᠠᠨᠠᠭ᠎ᠠ ᠭᠥᠮᠤᠨ ᠠᠮᠢᠳᠠᠨ ᠤ ᠲᠥᠷᠰᠤ ᠨᠠᠯᠢᠶᠠᠤᠨ ᠲᠤᠳᠤ ᠪᠠᠶᠢᠨ᠎ᠠ᠃       ᠬᠤᠯᠠᠩᠳᠤ ᠶᠢᠨ ᠬᠠᠳᠠᠨ ᠲᠠᠬᠢ ᠬᠤᠶᠠᠳᠠᠬᠢ ᠲᠠᠯᠠᠪᠤᠷ ᠵᠢᠷᠤᠭ ᠨᠢ ᠪᠥᠬᠡ ᠶᠢᠨ ᠪᠠᠷᠢᠯᠳᠤᠭᠠᠨ ᠭᠠᠷ ᠭᠠᠷ ᠎ ᠠᠴᠠ ᠭᠥᠳᠠᠯᠤᠨ ᠶᠠᠪᠤᠭ᠎ᠠ ᠭᠥᠮᠤᠨ ᠠᠴᠢᠶ᠎ᠠ ᠲᠠᠢ ᠥᠬᠡᠷ ᠲᠡᠷᠬᠡ ᠭᠥᠳᠤᠯᠤᠭ᠍ᠰᠠᠨ ᠶᠠᠪᠠᠭᠠᠨ ᠭᠥᠮᠤᠨ᠂ ᠡᠮᠡᠬᠡᠯ ᠲᠠᠢ ᠮᠤᠷᠢ ᠭᠥᠳᠤᠯᠤᠭ᠍ᠰᠠᠨ ᠶᠠᠪᠠᠭᠠᠨ ᠭᠥᠮᠤᠨ ᠰᠥᠪᠡᠭᠡ ᠪᠠᠨ ᠲᠤᠯᠤᠨ ᠵᠤᠬᠰᠤᠭ᠎ᠠ ᠭᠥᠮᠤᠨ ᠥᠬᠡᠳᠠ ᠥᠬᠡᠳᠠ ᠠᠴᠠ ᠪᠠᠨ ᠭᠥᠶᠤᠯᠳᠤᠵᠦ ᠪᠠᠶᠢᠭ᠎ᠠ ᠭᠥᠮᠤᠨ  ᠁ ᠵᠡᠷᠬᠡ ᠠᠳᠠᠯᠢ ᠪᠤᠰᠤ ᠤᠶᠢᠯᠠ ᠭᠥᠳᠠᠯᠬᠡᠬᠡᠨ ᠬᠢᠵᠦ ᠪᠠᠶᠢᠭ᠎ᠠ 17 ᠭᠥᠮᠤᠨ ᠎ ᠤ ᠵᠢᠷᠤᠭ ᠪᠤᠢ᠃ ᠠᠴᠢᠶ᠎ᠠ ᠲᠠᠢ ᠥᠬᠡᠷ ᠲᠡᠷᠬᠡ ᠭᠥᠳᠤᠯᠤᠭ᠍ᠰᠠᠨ ᠶᠠᠪᠠᠭᠠᠨ ᠭᠥᠮᠤᠨ ᠤ ᠵᠢᠷᠤᠭ ᠪᠤᠯ ᠮᠠᠰᠢ ᠰᠤᠨᠢᠷᠬᠠᠯᠳᠠᠢ ᠵᠢᠷᠤᠬᠰᠠᠨ ᠪᠠᠶᠢᠨ᠎ᠠ᠃ ᠬᠤᠤᠰ ᠠᠷᠠᠯ ᠲᠠᠢ᠂ ᠵᠢᠷᠭᠤᠭᠠᠨ ᠬᠢᠬᠡᠰᠤ ᠪᠥᠭᠦᠢ ᠲᠤᠮᠤ ᠲᠤᠭᠤᠢ ᠲᠠᠢ ᠲᠡᠷᠬᠡᠨ ᠲᠡᠬᠡᠷ᠎ᠠ ᠲᠡᠭᠰᠢ ᠲᠥᠷᠪᠡᠯᠵᠢᠨ ᠠᠴᠢᠶ᠎ᠠ ᠠᠴᠢᠵᠦ ᠲᠡᠬᠡᠰᠤ ᠪᠠᠷ ᠬᠢᠷᠤᠵᠦ ᠲᠠᠳᠠᠵᠦ ᠤᠶᠠᠭᠠᠤᠨ ᠥᠬᠡᠷ ᠭᠥᠯᠯᠠᠵᠦ ᠬᠠᠮᠠᠷ ᠠᠴᠠ ᠨᠢ ᠲᠥᠷᠢᠯᠠᠵᠦ ᠤᠭᠤᠰᠤᠷᠠᠯᠠᠨ ᠶᠠᠪᠠᠭᠠᠨ ᠭᠥᠮᠤᠨ ᠭᠥᠳᠤᠯᠵᠠᠢ᠃ ᠲᠡᠷᠬᠡᠨ ᠤ ᠠᠷᠠᠯ᠂ ᠲᠤᠭᠤᠢ᠂ ᠲᠤᠭᠤᠢ ᠶᠢᠨ ᠬᠢᠬᠡᠰᠤ ᠠᠴᠢᠶ᠎ᠠ ᠪᠠᠷᠠᠭ᠎ᠠ ᠤᠶᠠᠭ᠎ᠠ ᠲᠠᠳᠠᠯᠭ᠎ᠠ ᠲᠡᠷᠬᠡᠨ ᠤ ᠪᠤᠭᠤᠯᠠᠭ᠎ᠠ᠂ ᠡᠳ᠋ᠯᠡᠬᠦ ᠲᠡᠷᠬᠡᠨ ᠎ ᠤ ᠥᠬᠡᠷ᠂ ᠤᠶᠠᠭ᠎ᠠ᠂ ᠤᠭᠤᠰᠤᠷ ᠭᠥᠳᠤᠯᠠᠵᠦ ᠶᠠᠪᠤᠭ᠎ᠠ ᠭᠥᠮᠤᠨ ᠢ ᠮᠠᠰᠢ ᠨᠠᠷᠢᠯᠢᠭ ᠵᠢᠷᠤᠵᠦ ᠢᠯᠡᠤᠡᠬᠡᠵᠠᠢ᠃ ︵ᠵᠢᠷᠤᠭ — ᠲᠠᠪᠤ︶ ᠬᠤᠯᠠᠩᠳᠤ  ᠎ ᠶᠢᠨ ᠬᠠᠳᠠᠨ ᠵᠢᠷᠤᠭ ᠲᠠᠬᠢ ᠶᠠᠪᠠᠭᠠᠨ ᠭᠥᠮᠤᠨ ᠭᠥᠳᠤᠯᠤᠭ᠍ᠰᠠᠨ ᠠᠴᠢᠶ᠎ᠠ ᠲᠠᠢ ᠥᠬᠡᠷ  ᠲᠡᠷᠬᠡᠨ ᠤ ᠵᠢᠷᠤᠭ ᠪᠤᠯ ᠨᠠᠶᠢᠳᠠ ᠮᠤᠩᠭᠤᠯ ᠤᠷᠤᠨ ᠤ ᠬᠠᠳᠠᠨ ᠵᠢᠷᠤᠭ ᠤᠨ ᠲᠡᠷᠬᠡᠨ ᠤ ᠵᠢᠷᠤᠭ ᠲᠤ ᠬᠤᠪᠤᠷ ᠥᠵᠡᠭᠳᠠᠭᠦ ᠲᠤᠷᠠᠰᠬᠠᠯ ᠤᠨ ᠨᠢᠬᠡ ᠪᠤᠯᠬᠤ ᠶᠤᠮ᠃        ᠤᠷᠠᠯᠢᠭ ᠰᠠᠤᠡᠬᠢᠮᠵᠢ ᠶᠢᠨ ᠬᠤᠪᠢ ᠳᠤ ᠶᠠᠪᠠᠭᠠᠨ ᠭᠥᠮᠤᠨ ᠭᠥᠳᠤᠯᠤᠭ᠍ᠰᠠᠨ ᠠᠴᠢᠶ᠎ᠠ ᠲᠠᠢ ᠥᠬᠡᠷ ᠲᠡᠷᠬᠡ ᠎ ᠶᠢᠨ ᠵᠢᠷᠤᠭ ᠪᠤᠯ ᠶᠡᠭᠡ ᠰᠤᠨᠢᠷᠬᠠᠯ ᠲᠠᠢ ᠰᠠᠨᠠᠬᠳᠠᠨ᠎ᠠ᠃ ᠵᠢᠱᠢᠶ᠎ᠠ ᠨᠢᠬᠡ ᠶᠢ ᠲᠤᠷᠠᠳᠤᠪᠠᠯ᠂ ᠥᠬᠡᠷ ᠲᠡᠷᠬᠡᠨ ᠤ ᠥᠬᠡᠷ ᠎ ᠢ ᠲᠥᠷᠰᠤᠯᠠᠭᠦ ᠳᠡᠭᠡᠨ ᠥᠡᠳᠤᠷ ᠰᠡᠷᠪᠡᠭᠡ ᠲᠠᠢ᠂ ᠤᠷᠳᠤ ᠰᠢᠯᠤᠭᠤᠨ ᠵᠤ ᠨᠢᠷᠤᠭᠤ ᠲᠠᠢ᠂ ᠪᠠᠬᠢᠮ ᠵᠤᠵᠠᠭᠠᠨ ᠴᠢᠬᠡᠵᠢ ᠎ ᠲᠠᠢ ᠤᠷᠤᠬᠰᠢ ᠪᠠᠨ ᠭᠥᠮᠤᠷᠬᠡᠨ ᠬᠤᠮᠪᠤᠡᠭ ᠬᠤᠶᠠᠷ ᠡᠪᠡᠷᠳᠠᠢ᠂ ᠥᠬᠡᠷ ᠢ ᠬᠠᠷᠢᠴᠠᠩᠭᠤᠢ ᠪᠠᠭ᠎ᠠ ᠪᠠᠶ᠎ᠠ ᠲᠠᠢ ᠲᠥᠷᠰᠤᠯᠠᠵᠦ ᠶᠡᠭᠡ ᠠᠴᠢᠶ᠎ᠠ ᠲᠠᠢ᠂ ᠲᠤᠮᠤ ᠲᠤᠭᠤᠢ ᠲᠠᠢ ᠲᠡᠷᠬᠡᠨ ᠳᠤ ᠭᠥᠯᠯᠠᠵᠦ ᠶᠠᠪᠤᠭ᠎ᠠ ᠪᠠᠷ ᠵᠢᠷᠤᠬᠰᠠᠨ ᠨᠢ ᠲᠡᠷᠬᠡᠨ ᠳᠤ  ᠭᠥᠯᠯᠠᠩᠰᠠᠨ ᠥᠬᠡᠷ ᠤᠨ ᠭᠥᠴᠤ  ᠲᠡᠩᠭᠡᠭᠡ ᠶᠢ ᠲᠤᠪᠤᠶᠢᠯᠭᠠᠨ ᠢᠯᠡᠤᠡᠬᠡᠭᠰᠠᠨ ᠵᠢᠷᠤᠭᠠᠴᠢ ᠶᠢᠨ ᠤᠭ ᠰᠠᠨᠠᠭ᠎ᠠ ᠪᠠᠶᠢᠵᠦ ᠮᠠᠳᠠᠨ᠎ᠠ᠃ ᠬᠤᠯᠠᠩᠳᠤ ᠶᠢᠨ ᠬᠠᠳᠠᠨ ᠵᠢᠷᠤᠭ ᠲᠤ ᠨᠢᠬᠡᠨ ᠬᠤᠤᠰ ᠪᠥᠬᠡ ᠶᠢᠨ ᠪᠠᠷᠢᠯᠳᠤᠭᠠᠨ ᠤ ᠵᠢᠷᠤᠭ  ᠪᠤᠢ ︵ᠵᠢᠷᠤᠭ — ᠵᠢᠷᠭᠤᠭ᠎ᠠ︶ ᠨᠢᠬᠡ ᠪᠥᠬᠡ ᠨᠢ ᠪᠡᠶ᠎ᠠ ᠪᠠᠷ᠂ ᠨᠥᠭᠦᠬᠡ ᠨᠢᠬᠡ ᠪᠥᠬᠡ ᠠᠴᠠ ᠥᠡᠳᠤᠷ᠂ ᠪᠠᠶ᠎ᠠ ᠪᠢᠯᠳᠠᠷ ᠲᠤᠮᠤ ᠪᠠᠶᠢᠵᠦ᠂ ᠪᠠᠷᠢᠴᠨ ᠪᠠᠨ ᠠᠪᠴᠤ ᠪᠠᠶᠢᠭ᠎ᠠ ᠪᠠᠶᠢᠳᠠᠯ ᠲᠠᠢ᠃ ᠪᠠᠶ᠎ᠠ ᠪᠠᠷ ᠠᠷᠠᠢ ᠪᠠᠭ᠎ᠠ ᠰᠢᠭ᠋ ᠪᠥᠬᠡ ᠨᠢ ᠨᠥᠭᠦᠬᠡ ᠥᠡᠳᠤᠷ ᠪᠠᠶ᠎ᠠ ᠲᠠᠢ ᠪᠥᠬᠡ ᠥᠬᠡᠳᠠ ᠠᠴᠠ ᠶᠠᠮᠠᠷ ᠴᠦ ᠰᠥᠷᠳᠡᠭᠰᠠᠨ ᠶᠠᠩᠵᠦ ᠥᠬᠡᠢ ᠰᠢᠭᠤᠤᠨ ᠪᠠᠷᠢᠴᠨ ᠪᠠᠨ ᠠᠪᠬᠤ ᠪᠠᠷ ᠲᠤᠯᠵᠦ ᠪᠠᠶᠢᠭ᠎ᠠ ᠪᠠᠶᠢᠳᠠᠯ ᠢ ᠬᠡᠨ ᠥᠵᠡᠭᠰᠠᠨ ᠴᠦ ᠨᠢᠳᠤ ᠰᠡᠤᠡᠬᠢᠯ ᠳᠤ ᠪᠠᠭᠤᠳᠠᠯ᠎ᠠ ᠥᠨᠡᠬᠡᠷ ᠭᠤᠶᠢᠳᠠ ᠲᠥᠷᠰᠤᠯᠡᠭᠰᠠᠨ ᠢ ᠬᠠᠷᠠᠬᠤ ᠳᠤ ᠲᠠᠷᠨ ᠥᠶ᠎ᠠ ᠳᠤ ᠪᠥᠬᠡ ᠶᠢᠨ ᠪᠠᠷᠢᠯᠳᠤᠭᠠᠨ ᠨᠢᠬᠡᠨᠳᠠ ᠨᠢᠬᠡ ᠬᠡᠮᠵᠢᠶᠠᠨ ᠤ ᠭᠥᠭᠵᠢᠯ ᠢᠶᠠᠨ ᠤᠯᠤᠬᠰᠠᠨ᠂ ᠪᠥᠬᠡ ᠶᠢᠨ ᠪᠠᠷᠢᠯᠳᠤᠭᠠᠨ ᠤ ᠪᠠᠷᠢᠴᠨ ᠪᠥᠯᠢᠶᠠᠯᠳᠤᠬᠤ᠂ ᠮᠡᠭᠡ ᠮᠡᠷᠬᠡᠵᠢᠯ ᠬᠢᠭᠦ᠂ ᠲᠠᠪᠢᠵᠦ ᠮᠠᠬᠰᠢᠬᠤ᠂ ᠰᠠᠪᠠᠭ᠋ᠤ ᠪᠥᠬᠡ ᠪᠠᠨ ᠤᠶᠢᠯᠠ ᠭᠥᠳᠠᠯᠬᠡᠬᠡᠨ ᠪᠤᠢ ᠪᠤᠯᠤᠬᠰᠠᠨ ᠪᠥᠬᠡ ᠶᠢᠨ ᠪᠠᠷᠢᠯᠳᠤᠭᠠᠨ ᠎ ᠨᠢ ᠲᠤᠬᠠᠢ ᠶᠢᠨ ᠥᠶ᠎ᠠ ᠶᠢᠨ ᠤᠪᠤᠭ ᠠᠶᠢᠮᠠᠭ ᠤᠨ ᠭᠥᠴᠤᠷᠬᠡᠭ  ᠂ ᠡᠷ᠎ᠠ ᠴᠢᠳᠠᠯ ᠢ ᠰᠢᠯᠭᠠᠬᠤ ᠠᠯᠳᠠᠷᠰᠢᠭᠤᠯᠬᠤ᠂ ᠮᠥᠷᠤᠶᠢᠴᠠᠬᠡᠨ᠂ ᠬᠠᠪᠤ ᠴᠠᠩᠬᠡᠯ ᠡᠳ᠋ᠯᠠᠭᠦ ᠰᠤᠶᠤᠯ ᠲᠠᠮᠢᠷ ᠤᠨ ᠠᠵᠢᠯᠯᠠᠭ᠎ᠠ ᠪᠤᠯᠵᠦ ᠪᠠᠶᠢᠬᠰᠠᠨ ᠵᠡᠷᠬᠡ ᠡᠷᠳᠠᠨ ᠲᠡᠤᠬᠡ ᠎ ᠶᠢᠨ ᠤᠯᠠ ᠮᠥᠷ ᠮᠠᠳᠡᠭᠳᠠᠵᠦ ᠪᠠᠶᠢᠨ᠎ᠠ᠃ ᠡᠨᠠ ᠪᠥᠬᠡ ᠪᠠᠷᠢᠯᠳᠤᠵᠦ ᠪᠠᠶᠢᠭ᠎ᠠ ᠵᠢᠷᠤᠭ ᠤᠨ ᠲᠡᠷᠬᠡᠳᠠ ᠨᠢᠬᠡ ᠴᠤᠬᠴᠨ ᠲᠠᠯᠠᠪᠤᠷ ᠵᠢᠷᠤᠭ ᠲᠤ ᠲᠠᠪᠢᠵᠦ ᠪᠠᠶᠢᠭ᠎ᠠ᠂ ᠮᠠᠬᠰᠢᠵᠦ ᠪᠠᠶᠢᠭ᠎ᠠ᠂ ᠭᠥᠶᠤᠵᠦ ᠪᠠᠶᠢᠭ᠎ᠠ᠂ ᠰᠠᠪᠠᠵᠦ ᠪᠠᠶᠢᠭ᠎ᠠ  ᠂  ᠲᠦᠷᠪᠡᠬᠡᠨ ᠬᠤᠤᠰ ᠨᠠᠢᠮᠠᠨ ᠭᠥᠮᠤᠨ ᠤ ᠵᠢᠷᠤᠭ ᠲᠥᠷᠰᠤᠯᠠᠯ ᠨᠢ ᠲᠠᠷᠨ ᠥᠶ᠎ᠠ ᠶᠢᠨ ᠲᠠᠯ᠎ᠠ ᠨᠤᠳᠤᠭ ᠤᠨ ᠪᠥᠬᠡ  ᠎ ᠶᠢᠨ ᠪᠠᠷᠢᠯᠳᠤᠭᠠᠨ ᠤ ᠲᠠᠮᠳᠡᠭᠯᠠᠯ ᠬᠡᠵᠦ ᠪᠤᠯᠤᠨ᠎ᠠ᠃       ᠬᠤᠯᠠᠩᠳᠤ ᠶᠢᠨ ᠬᠠᠳᠠᠨ ᠵᠢᠷᠤᠭ ᠲᠤ ᠡᠮᠡᠬᠡᠯ ᠲᠠᠢ ᠮᠤᠷᠢ ᠭᠥᠳᠤᠯᠤᠭ᠍ᠰᠠᠨ ᠶᠠᠪᠠᠭᠠᠨ ᠭᠥᠮᠤᠨ ᠤ ᠵᠢᠷᠤᠭ  ᠎ ᠢ ᠮᠠᠰᠢ ᠠᠮᠢᠳᠤᠯᠢᠭ ᠲᠥᠷᠰᠤᠯᠠᠵᠠᠢ᠃ ᠡᠮᠡᠬᠡᠯ ᠲᠠᠢ ᠮᠤᠷᠢ ᠶᠢ ᠰᠤᠭᠤᠳᠤᠩ ᠴᠢᠬᠢ ᠲᠠᠢ ᠨᠠᠷᠢᠪᠳᠤᠷ ᠭᠥᠵᠤᠭᠦᠥ ᠲᠠᠢ᠂ ᠬᠤᠷ᠎ᠠ ᠲᠠᠯ ᠲᠠᠢ ᠰᠢᠯᠤᠭᠤᠨ ᠤᠷᠳᠤ ᠨᠢᠷᠤᠭᠤ᠂  ᠢᠨᠵᠠᠭᠠᠨ ᠵᠤ ᠲᠠᠢ᠂ ᠤᠷᠳᠤ ᠥᠤᠡᠬᠡᠨ ᠪᠥᠬᠡᠮᠡᠷᠠᠬᠰᠠᠨ ᠰᠠᠭᠦᠯ ᠎ ᠲᠠᠢ᠂ ᠶᠤᠯᠤᠭᠤᠷ ᠬᠡᠳᠠᠰᠤ ᠲᠠᠢ ᠪᠤᠭᠤᠨᠢ ᠭᠥᠯ ᠲᠠᠢ ᠮᠤᠷᠢᠨ ᠳᠤ ᠪᠤᠰᠤᠭ᠎ᠠ ᠬᠤᠶᠠᠷ ᠪᠥᠷᠭᠦᠬᠡ ᠲᠠᠢ᠂ ︵ᠡᠮᠤᠨ᠎ᠠ ᠪᠥᠷᠭᠦᠬᠡ ᠨᠢ ᠥᠡᠳᠤᠷ︶ ᠨᠠᠷᠢᠪᠳᠤᠷ ᠭᠥᠯᠥᠮ᠎ᠠ ᠤᠷᠳᠤ ᠤᠭᠤᠰᠤᠷ ᠲᠠᠢ  ᠂ ᠲᠦᠷᠦᠬᠡ ᠲᠠᠢ ᠡᠮᠡᠬᠡᠯ ᠲᠤᠬᠤᠬᠰᠠᠨ ᠮᠤᠷᠢ ᠶᠢ ᠶᠠᠪᠠᠭᠠᠨ ᠭᠥᠮᠤᠨ ᠭᠥᠳᠤᠯᠵᠦ ᠶᠠᠪᠤᠭ᠎ᠠ ᠪᠠᠷ ᠵᠢᠷᠤᠭᠰᠠᠨ ᠪᠥᠬᠡᠤᠨ ᠬᠠᠵᠠᠭᠤ ᠠᠴᠠ ᠨᠢ ᠨᠢᠬᠡᠨ ᠶᠠᠪᠠᠭᠠᠨ ᠭᠥᠮᠤᠨ ᠬᠤᠶᠠᠷ ᠭᠠᠷ ᠢᠶᠠᠨ ᠠᠯᠳᠠᠯᠠᠨ ᠭᠥᠶᠤᠨ ᠤᠴᠢᠵᠦ ᠪᠠᠶᠢᠭ᠎ᠠ ᠪᠠᠷ ᠲᠥᠷᠰᠤᠯᠠᠵᠠᠢ᠃ ᠬᠤᠯᠠᠩᠳᠤ ᠶᠢᠨ ᠬᠤᠸ᠋ᠨ ᠤᠪᠤᠭᠠᠨ ᠤ ᠪᠠᠰᠨ ᠨᠢᠬᠡᠨ ᠬᠠᠳᠠ ᠲᠠᠢ ᠬᠠᠷ᠎ᠠ ᠲᠠᠯ ᠤᠨ ᠬᠠᠳᠠᠨ᠎ᠠ ᠵᠢᠷᠤᠬᠰᠠᠨ ᠭᠤᠷᠪᠡᠨ ᠬᠤᠯᠠᠨ ᠤ ᠵᠢᠷᠤᠭ ᠪᠤᠢ᠃ ︵ᠵᠢᠷᠤᠭ — ᠲᠤᠯᠤᠭ᠎ᠠ︶ ᠪᠠᠷᠠᠭᠤᠨ ᠲᠠᠰᠢ ᠨᠢᠬᠡ ᠵᠥᠭ ᠳᠤ ᠶᠠᠪᠤᠭ᠎ᠠ ᠭᠤᠷᠪᠡᠨ ᠬᠤᠯᠠᠨ ᠢ ᠲᠠᠯᠠᠪᠠᠢ ᠪᠠᠷ ᠥᠷᠤᠵᠦ ᠬᠤᠨᠭ᠍ᠬᠤᠶᠢᠯᠠᠨ ᠵᠠᠷᠤᠬᠤ ᠠᠷᠭ᠎ᠠ ᠪᠠᠷ ᠵᠢᠷᠤᠵᠠᠢ᠃ ᠯᠠᠬᠳᠠᠭᠠᠷ ᠲᠤᠮᠤ ᠲᠤᠯᠤᠭᠠᠢ ᠲᠠᠢ᠂ ᠪᠠᠬᠢᠮ ᠪᠤᠭᠤᠨᠢ ᠭᠥᠵᠤᠭᠦᠥ ᠎ ᠲᠠᠢ᠂ ᠴᠤᠷᠳᠤᠭᠤᠷ ᠬᠡᠳᠠᠰᠤ ᠲᠠᠢ ᠰᠢᠩᠬᠡᠨ ᠰᠠᠭᠦᠯ ᠲᠠᠢ᠂ ᠪᠠᠶ᠎ᠠ ᠪᠢᠯᠳᠠᠷ ᠲᠡᠭᠡᠨ ᠲᠤᠬᠢᠷᠠᠬᠰᠠᠨ ᠭᠥᠯ ᠲᠠᠢ ᠲᠥᠷᠰᠤᠯᠡᠭᠰᠠᠨ ᠨᠢ ᠬᠤᠯᠠᠨ ᠤᠨ ᠪᠤᠳᠠᠳᠤ ᠲᠥᠷᠰᠤ ᠪᠠᠶᠢᠳᠠᠯ ᠢ ᠶᠡᠬᠡᠯ᠎ᠠ  ᠴᠢᠳᠠᠮᠠᠭᠠᠢ ᠲᠤᠰᠬᠠᠵᠠᠢ᠃ ᠮᠥᠨ ᠡᠨᠡ ᠬᠠᠳᠠᠨ ᠲᠠᠯ ᠤᠨ ᠭᠠᠭᠴᠨ ᠨᠢᠬᠡ ᠬᠠᠳᠠᠨ ᠤ ᠲᠤᠯᠢᠶᠠᠨ ᠲᠠᠬᠡᠷ᠎ᠠ ᠮᠤᠷᠢᠳᠠᠢ ᠭᠥᠮᠤᠨ ᠤ ᠨᠢᠬᠡᠨ ᠵᠢᠷᠤᠭ ᠪᠠᠶᠢᠳᠠᠭ᠃ ᠡᠨᠡ ᠵᠢᠷᠤᠭ ᠨᠢ ᠥᠡᠳᠤᠷ ᠪᠤᠰᠤᠭ᠎ᠠ ᠴᠢᠬᠢᠳᠠᠢ᠂ ᠯᠠᠩᠳᠠᠭᠠᠷ ᠲᠤᠮᠤ ᠲᠤᠯᠤᠭᠠᠢ ᠲᠠᠢ᠂ ᠤᠷᠳᠤᠯᠵᠢᠨ ᠪᠠᠶ᠎ᠠ ᠲᠠᠢ᠂ ᠨᠠᠷᠢᠨ ᠪᠤᠭᠤᠨᠢ ᠰᠡᠭᠦᠯ ᠲᠠᠢ᠂ ᠥᠡᠳᠤᠷ ᠭᠥᠯ ᠲᠠᠢ ᠮᠤᠷᠢ ᠪᠠᠶᠢᠵᠦ ᠮᠤᠷᠢ ᠤᠨᠤᠬᠰᠠᠨ ᠭᠥᠮᠤᠨ ᠢ ᠶᠡᠭᠡ ᠪᠠᠶᠠᠷ ᠭᠥᠷ ᠎ ᠲᠠᠢ ᠪᠠᠶᠢᠳᠠᠯ ᠲᠠᠢ ᠲᠥᠷᠰᠤᠯᠠᠵᠠᠢ᠃ ᠬᠤᠯᠠᠩᠳᠤ ᠠᠴᠠ ᠰᠢᠨ᠎ᠠ ᠪᠠᠷ ᠤᠯᠵᠦ ᠢᠯᠠᠷᠠᠭᠦᠯᠤᠭ᠍ᠰᠠᠨ ᠬᠠᠳᠠᠨ ᠵᠢᠷᠤᠭ ᠤᠳ ᠠᠳᠠᠯᠢ ᠪᠤᠰᠤ ᠬᠤᠶᠠᠷ ᠴᠠᠭ ᠥᠶ᠎ᠠ ᠳᠤ ᠬᠤᠯᠪᠤᠬᠳᠠᠬᠤ ᠪᠥᠳᠤᠬᠡᠯ ᠪᠤᠯᠬᠤ ᠨᠢ ᠬᠠᠳᠠᠭᠠᠯᠠᠬᠳᠠᠬᠰᠠᠨ ᠪᠠᠶᠢᠳᠠᠯ ᠵᠢᠷᠤᠭ ᠎ ᠤᠨ ᠬᠡᠪ ᠨᠠᠮᠪᠠ ᠠᠭᠤᠯᠭ᠎ᠠ ᠰᠠᠳᠤᠪ ᠠᠴᠠ ᠮᠡᠳᠠᠵᠦ ᠪᠤᠯᠤᠨ᠎ᠠ᠃ ᠬᠤᠯᠠᠩᠳᠤ ᠶᠢᠨ ᠬᠠᠳᠠᠨ ᠵᠢᠷᠤᠭ ᠪᠤᠯ ᠰᠢᠨ᠎ᠠ ᠴᠢᠯᠠᠭᠤᠨ ᠤ ᠡᠬᠢᠨ ᠤ ᠥᠶ᠎ᠠ ᠪᠤᠯᠤᠨ ᠭᠥᠷᠠᠯ ᠤᠨ ᠥᠶ᠎ᠠ ᠳᠤ ᠬᠤᠯᠪᠤᠬᠳᠠᠨ᠎ᠠ᠃       ᠬᠤᠯᠠᠩᠳᠤ ᠶᠢᠨ ᠬᠠᠳᠠᠨ ᠵᠢᠷᠤᠭ ᠢ ᠠᠵᠢᠬᠯᠠᠬᠤ ᠳᠤ ᠥᠵᠤᠭᠦᠷ ᠲᠠᠢ ᠴᠢᠯᠠᠭᠤᠨ ᠪᠠᠭᠠᠵᠢ ᠪᠠᠷ  ᠴᠥᠴᠢᠳᠠᠨ ᠴᠤᠬᠢᠵᠦ ᠲᠡᠭᠦᠨ ᠢ ᠢᠶᠠᠨ ᠥᠷᠤᠵᠦ ᠬᠤᠨᠭ᠍ᠬᠤᠶᠢᠯᠠᠬᠤ ᠠᠷᠭ᠎ᠠ ᠪᠠᠷ ᠵᠢᠷᠤᠬᠰᠠᠨ ᠪᠠᠶᠢᠳᠠᠭ᠃ ᠪᠠᠰᠠ ᠵᠢᠷᠤᠵᠦ ᠪᠤᠢ ᠮᠠᠯ ᠠᠮᠢᠳᠠᠨ ᠤ ᠪᠠᠶ᠎ᠠ ᠶᠢᠨ ᠶᠠᠷᠤᠩᠬᠡᠢ ᠲᠢᠭ ᠢ ᠭᠥᠪᠬᠡᠯᠡᠨ ᠴᠤᠬᠢᠵᠦ ᠭᠠᠷᠭᠠᠵᠦ ᠪᠥᠭᠦ ᠪᠠᠶ᠎ᠠ ᠴᠤᠬᠴᠨ ᠶᠢ ᠲᠠᠯᠠᠪᠠᠢ ᠪᠠᠷ ᠎ ᠨᠢ ᠥᠷᠤᠵᠦ ᠬᠤᠨᠭ᠍ᠬᠤᠶᠢᠯᠠᠬᠤ ᠠᠷᠭ᠎ᠠ ᠶᠢ ᠬᠡᠷᠡᠭᠯᠡᠭᠰᠠᠨ ᠭᠥᠮᠤᠨ ᠢ ᠲᠥᠷᠰᠤᠯᠠᠭᠦ ᠳᠡᠭᠡᠨ ᠲᠤᠶᠢᠮᠤᠡᠴᠢᠯᠠᠨ ᠵᠢᠷᠤᠵᠦ᠂ ᠭᠥᠯ  ᠭᠠᠷ ᠤᠨ ᠬᠢᠨᠢ ᠭᠥᠳᠤᠯᠤᠯ ᠪᠠᠷᠢᠯ ᠢᠶᠠᠷ ᠨᠢ ᠤᠶᠢᠯᠠ ᠭᠥᠳᠠᠯᠬᠡᠬᠡᠨ ᠶᠢ ᠨᠢ ᠢᠯᠡᠤᠡᠬᠡᠭᠦ᠂ ᠲᠡᠮᠡᠭᠡ ᠶᠢ ᠵᠢᠷᠤᠬᠤ ᠎ ᠳᠠᠭᠠᠨ ᠪᠥᠭᠦ ᠪᠠᠶ᠎ᠠ ᠶᠢ ᠨᠢ ᠭᠥᠷᠢᠶᠠᠯᠠᠨ ᠭᠥᠪᠡᠭᠡ ᠭᠠᠷᠭᠠᠵᠦ᠂ ᠲᠡᠮᠡᠬᠡᠨ ᠤ ᠲᠤᠯᠤᠭᠠᠢ᠂ ᠬᠤᠤᠰ ᠪᠥᠭᠦ ᠴᠢᠬᠡᠵᠢ ᠪᠠᠶ᠎ᠠ ᠶᠢ ᠲᠠᠯᠠᠪᠠᠢ ᠪᠠᠷ  ᠬᠤᠨᠭ᠍ᠬᠤᠶᠢᠯᠠᠨ ᠭᠠᠷᠭᠠᠬᠤ ᠁ ᠵᠡᠷᠬᠡ ᠬᠠᠭᠤᠴᠢᠨ ᠴᠢᠯᠠᠭᠤᠨ ᠵᠡᠪᠰᠡᠭ  ᠎ ᠤᠨ ᠥᠶ᠎ᠠ ᠶᠢᠨ ᠤᠷᠠᠯᠢᠬᠤ ᠤᠯᠠᠮᠵᠢᠯᠠᠯ ᠰᠢᠨ᠎ᠠ ᠴᠢᠯᠠᠭᠤᠨ ᠵᠡᠪᠰᠡᠭ ᠤᠨ ᠥᠶ᠎ᠠ ᠶᠢᠨ ᠢᠯᠡᠤᠡᠬᠡᠭᠦ ᠠᠷᠭ᠎ᠠ ᠭᠥᠷᠠᠯ ᠵᠠᠪᠰᠡᠭ  ᠎ ᠤᠨ ᠥᠶ᠎ᠠ ᠎ ᠶᠢᠨ ᠬᠡᠪ ᠨᠠᠮᠪᠠ  ᠵᠡᠷᠬᠡ ᠠᠳᠠᠯᠢ ᠪᠤᠰᠤ ᠴᠠᠭ ᠥᠶ᠎ᠠ ᠶᠢᠨ ᠤᠡᠴᠠᠯᠢᠭ — ᠬᠤᠯᠠᠩᠳᠤ ᠶᠢᠨ ᠬᠠᠳᠠᠨ ᠵᠢᠷᠤᠭ ᠲᠤ ᠬᠠᠷᠠᠬᠳᠠᠵᠦ ᠪᠠᠶᠢᠨ᠎ᠠ᠃
 
ᠢᠷᠡᠯᠲᠡ᠄ ᠳ᠋᠊᠂ ᠴᠠᠭᠠᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号