ᠱᠠᠩᠳᠤ ᠮᠢᠨᠢ ᠪᠢᠳᠡ ᠴᠢᠨᠤ ᠲᠦᠯᠦᠭᠡ | ᠷᠢ᠊ ᠂ ᠰᠡᠴᠡᠨᠳᠤ | | ᠱᠠᠩᠳᠤ ᠮᠢᠨᠢ ᠪᠢᠳᠡ ᠴᠢᠨᠤ ᠲᠦᠯᠤᠭᠡ | ᠬᠡᠷᠡᠮ ᠪᠤᠯᠵᠤ ᠨᠤᠷᠠᠵᠤ ᠴᠢᠳᠠᠳᠠᠭ ᠦᠭᠡᠢ ᠳᠠᠭᠠᠨ | ᠰᠠᠶᠢᠷ ᠲᠡᠭᠡᠷ᠎ᠡ ᠴᠢᠨᠢ ᠦᠳᠤᠯᠡᠬᠦ ᠰᠢᠪᠠᠭᠤᠨ ᠤ ᠲᠡᠭᠳᠡᠭᠡᠭᠡᠢ ᠰᠢᠭ᠋ | ᠰᠠᠷ᠎ᠠ ᠵᠢᠯ ᠤᠳ ᠤᠨ ᠠᠶᠤᠮᠰᠢᠭ ᠢ ᠠᠷᠭᠠᠴᠠᠨ ᠨᠢᠰᠴᠤ ᠰᠤᠷᠤᠯ᠎ᠠ | ᠰᠠᠯᠬᠢᠯᠠᠬᠤ ᠳᠤ ᠴᠢᠨᠢ ᠪᠦᠬᠦᠶᠢᠵᠤ ᠦᠷᠪᠡᠯᠵᠡᠬᠦ | ᠬᠢᠯᠠᠭᠠᠨ᠎ᠠ ᠶᠢᠨ ᠰᠢᠳᠤᠷᠭᠤ ᠨᠠᠮᠠᠭ᠎ᠠ ᠰᠢᠭ᠋ | ᠰᠦᠷᠴᠤ ᠢᠷᠡᠬᠦ ᠴᠠᠭ ᠤᠨ ᠬᠠᠳᠠᠭᠤ ᠲᠠᠷᠤᠩᠭᠤᠶᠢᠯᠠᠯ ᠳᠤ | ᠬᠦᠭᠡᠷᠤᠬᠡᠢ ᠲᠤᠯᠤᠭᠠᠢ ᠪᠠᠨ ᠰᠠᠪᠠᠴᠠᠭᠤᠯᠵᠤ ᠰᠤᠷᠤᠯ᠎ᠠ | ᠪᠢᠳᠡ ᠴᠢᠨᠤ ᠲᠦᠯᠤᠭᠡ ᠦᠬᠡᠷ ᠰᠢᠭ ᠰᠡᠵᠢᠯᠡᠵᠤ | ᠬᠡᠴᠢᠨᠡᠨ ᠬᠤᠳᠠ ᠰᠠᠭᠤᠷᠢᠨ ᠂ ᠦᠵᠡᠯ ᠰᠠᠨᠠᠭ᠎ᠠ ᠶᠢ ᠨᠤᠷᠠᠭᠠᠯᠠ ᠴᠤ | ᠪᠠᠯᠭᠠᠰᠤ ᠪᠤᠯᠤᠭᠰᠠᠨ ᠱᠠᠩᠳᠤ ᠭᠡᠶᠢᠪᠤᠩ ᠬᠦᠷᠳᠤ ᠪᠠᠨ | ᠬᠡᠯᠳᠡᠷᠬᠡᠢ ᠱᠠᠭᠠᠵᠢᠩ ᠰᠢᠭ ᠡᠪᠯᠡᠬᠦᠯᠵᠤ ᠰᠤᠷᠤᠭ᠎ᠠ ᠦᠭᠡᠢ ᠨᠢ | ᠱᠠᠩᠳᠤ ᠮᠢᠨᠢ ᠪᠢᠳᠡ ᠴᠢᠨᠤ ᠲᠦᠯᠤᠭᠡ | ᠦᠨᠡᠨ ᠤ ᠲᠦᠯᠤᠭᠡ ᠂ ᠦᠬᠦᠵᠤ ᠴᠢᠳᠠᠬᠤ ᠦᠭᠡᠢ | ᠦᠷᠤᠪᠴᠢᠬᠡᠨ ᠭᠠᠭᠴᠠᠬᠠᠨ ᠬᠦᠭᠡᠷᠤᠬᠡᠢ ᠠᠮᠢ ᠲᠠᠢ | ᠦᠨᠢ ᠶᠢᠨ ᠬᠡᠶᠢᠷᠬᠡᠯ ᠂ ᠬᠤᠭᠤᠰᠤᠨ ᠬᠡᠢ ᠵᠡᠯᠬᠢᠵᠤ ᠰᠤᠷᠤᠯ᠎ᠠ | ᠬᠡᠪ ᠢᠶᠠᠨ ᠰᠠᠬᠢᠭᠰᠠᠨ ᠬᠢᠴᠢᠶᠡᠮᠳᠡᠬᠡᠢ ᠮᠤᠩᠭᠤᠯ | ᠬᠡᠷᠡᠭ ᠠᠴᠠ ᠭᠠᠷᠴᠤ ᠬᠤᠪᠢ ᠪᠠᠨ ᠪᠤᠷᠤᠯᠠᠭᠤᠯᠠᠨ | ᠪᠤᠷᠬᠠᠨ ᠤ ᠠᠪᠳᠠᠷ᠎ᠠ ᠲᠡᠭᠡᠷ᠎ᠡ ᠪᠠᠨ ᠠᠶᠢᠳᠠᠰᠯᠠᠵᠤ ᠲᠠᠯᠪᠢᠭᠰᠠᠨ | ᠪᠦᠷᠬᠦᠳ ᠤᠨ ᠰᠤᠭᠤᠷᠬᠠᠢ ᠦᠳᠤ ᠶᠢ ᠰᠢᠳᠤᠵᠤ ᠰᠤᠷᠤᠯ᠎ᠠ | ᠰᠦᠷᠴᠤ ᠪᠤᠰᠬᠤ ᠠᠤᠭ᠎ᠠ ᠲᠡᠷᠡ ᠵᠤᠷᠢᠭᠳᠤ ᠬᠦᠮᠤᠰ ᠤᠨ | ᠰᠦᠨᠡᠰᠤ ᠪᠠᠷ ᠺᠢᠨᠤ᠋ ᠬᠢᠭᠡᠳ ᠪᠢᠳᠡᠨ ᠳᠤ ᠦᠵᠡᠬᠦᠯᠵᠤ ᠪᠠᠶᠢᠨ᠎ᠠ | ᠰᠦᠰᠤ ᠲᠠᠢ ᠰᠦᠰᠤ ᠦᠭᠡᠢ ᠤᠯᠠᠨ ᠮᠤᠩᠭᠤᠯᠴᠤᠳ | ᠰᠢᠬᠦᠷᠡᠰᠤ ᠠᠯᠳᠠᠭᠠᠳ ᠯᠡ ᠬᠡᠳᠤᠬᠦᠯᠡ ᠦᠵᠡᠵᠤ ᠪᠠᠶᠢᠨ᠎ᠠ | ᠡᠵᠡᠨ ᠬᠠᠭᠠᠨ ᠤ ᠰᠡᠳᠬᠢᠯ ᠢ ᠲᠠᠶᠢᠳᠬᠤᠷᠠᠭᠤᠯᠤᠭᠴᠢ | ᠡᠷᠳᠡᠨ ᠤ ᠠᠯᠳᠠᠩᠬᠤᠸ᠎ᠠ ᠴᠡᠴᠡᠭᠡᠰ ᠯᠡ ᠤᠷᠭᠤᠭᠰᠠᠭᠠᠷ | ᠡᠪᠡᠰᠤ ᠡᠪᠡᠰᠤᠨ ᠤ ᠲᠠᠷᠠᠯᠠᠵᠤ ᠤᠨᠠᠬᠤ ᠤᠯᠠᠷᠢᠯ ᠢ | ᠦᠭᠡᠯᠤᠨ ᠰᠢᠭ᠋ ᠲᠦᠰᠢᠵᠤ ᠲᠦᠯᠵᠢᠭᠰᠡᠭᠡᠷ ᠯᠡ ᠃᠃᠃᠃᠃ | ********* | ᠠᠶᠢᠯ ᠰᠠᠭᠠᠬᠠᠯᠳᠠ ᠪᠠᠷ ᠢᠶᠠᠨ ᠨᠡᠶᠢᠭᠡᠮᠴᠢᠯᠡᠭ᠌ᠰᠠᠨ ᠂ ᠡᠪ ᠨᠢᠭᠡ ᠲᠡᠯᠡᠬᠡᠢ | ᠠᠬᠤᠢ ᠪᠠᠶᠢᠭᠠᠯᠢ ᠲᠠᠢ ᠪᠠᠨ ᠦᠨᠢᠳᠡ ᠵᠤᠬᠢᠴᠠᠯᠳᠤᠨ ᠬᠠᠷᠢᠴᠠᠬᠤ ᠶᠢ | ᠠᠰᠫᠡᠷᠢᠨᠲ ᠲᠠᠭᠠᠭᠤᠯᠵᠤ ᠳ᠋ᠤᠺᠲ᠋ᠤᠷ ᠡᠷᠬᠦᠮᠵᠢᠯᠡᠳᠡᠭ ᠡᠷᠳᠡᠮᠳᠡᠨ ᠨᠠᠷ ᠴᠢᠨᠢ | ᠠᠷᠭᠠᠯ ᠬᠤᠷᠮᠤᠶᠢᠯᠡᠭᠰᠡᠨ ᠮᠤᠩᠭᠤᠯ ᠡᠵᠢ ᠨᠠᠷ ᠤᠨ ᠮᠢᠨᠢ ᠬᠢᠷᠢ ᠮᠡᠳᠡᠬᠦ ᠦᠭᠡᠢ | | ********* | ᠲᠡᠰᠬᠢᠮ᠎ᠡ ᠬᠦᠢᠳᠡᠨ ᠰᠢᠭᠤᠷᠭ᠎ᠠ ᠢᠰᠬᠡᠷᠤᠬᠦ | ᠲᠡᠩᠳᠡᠬᠦᠤ ᠴᠠᠯᠭᠠᠶᠢᠳᠠᠭᠤ ᠡᠯᠴᠢᠮᠡ ᠰᠢᠯᠢ ᠳᠤ | ᠲᠡᠯ ᠢᠶᠠᠨ ᠨᠦᠮᠤᠷᠴᠤ ᠵᠤᠭᠰᠤᠬᠤ ᠤᠯᠠᠨ ᠠᠳᠤᠭᠤ | | ᠲᠡᠭᠡᠳᠤ ᠲᠡᠭᠷᠢ ᠶᠢᠨ ᠰᠠᠯᠬᠢᠨ ᠭᠠᠵᠠᠷ ᠤᠷᠠᠭᠳᠠᠬᠤ ᠮᠡᠳᠤ | ᠲᠤᠭᠰᠢᠨ ᠲᠠᠪᠠᠯᠭ᠎ᠠ ᠪᠠᠭᠠᠨᠠᠯᠠᠨ ᠪᠤᠰᠴᠤ | ᠲᠡᠯᠡᠢ ᠶᠢᠨ ᠬᠦᠷᠬᠢᠷ᠎ᠡ ᠡᠷᠬᠢ ᠪᠠᠨ ᠴᠦᠯᠮᠤᠯᠡᠬᠦ ᠳᠤ | ᠲᠦᠯᠬᠢᠶᠡᠨ ᠲᠤᠭᠠᠯᠠᠩ ᠰᠢᠳᠡᠭᠳᠡᠬᠦ ᠬᠠᠪᠠ ᠶᠢᠨ ᠰᠦᠷᠦᠭ | ᠲᠡᠬᠦᠯᠢᠵᠤ ᠬᠦᠪᠦᠭᠰᠡᠨ ᠯᠤᠤᠰ ᠤᠨ ᠪᠤᠯᠭᠠᠨ ᠲᠡᠬᠢᠨᠢ ᠮᠡᠳᠤ | | ᠲᠤᠨᠤᠮᠡᠯ ᠤᠯᠠᠭᠠᠨ ᠨᠠᠷᠠᠨ ᠨᠢ ᠢᠯᠴᠢ ᠪᠠᠨ ᠰᠠᠴᠤᠷᠭᠠᠵᠤ | ᠲᠤᠶᠠᠭᠠᠯᠢᠭ ᠬᠦᠷᠡᠩ ᠭᠤᠪᠢ ᠳᠠᠭᠠᠨ ᠦᠩᠬᠡ ᠪᠠᠷ ᠢᠶᠠᠨ ᠪᠠᠭᠤᠬᠤ ᠳᠤ | ᠲᠡᠭᠷᠢ ᠶᠢᠨ ᠬᠠᠶᠠᠭ᠎ᠠ ᠢᠪᠡᠵᠤ ᠪᠤᠰᠬᠤ ᠲᠡᠮᠡᠭᠡᠳ ᠨᠢ | ᠲᠡᠬᠦᠯᠳᠡᠷ ᠠᠯᠤᠰ ᠤᠨ ᠦᠨᠳᠦᠷᠯᠢᠭ ᠤᠳ ᠨᠡᠬᠦᠵᠤ ᠤᠳᠬᠤ ᠮᠡᠳᠤ | ᠲᠤᠯᠦᠩ ᠰᠢᠷᠭᠠᠯ ᠦᠳᠡᠰᠢ ᠶᠢᠨ ᠭᠡᠷᠡᠯᠳᠤ ᠬᠤᠶᠢᠮᠤᠷ | ᠲᠦᠷᠡᠯᠵᠢᠨ ᠠᠰᠠᠬᠤ ᠭᠠᠯ ᠤᠨ ᠰᠤᠷ ᠰᠢᠭ ᠤᠯᠠᠨ ᠵᠡᠭᠡᠷ᠎ᠡ | ᠲᠤᠶᠢᠮᠤ ᠦᠭᠡᠢ ᠢᠷᠡᠶᠢᠭᠰᠡᠨ ᠪᠡᠯᠴᠢᠭᠡᠷ ᠤᠨ ᠤᠳᠤᠳ ᠲᠦᠭᠡᠬᠡᠬᠦ ᠳᠤ | ᠲᠤᠷᠤᠨ᠎ᠠ ᠶᠢᠨ ᠲᠠᠯ᠎ᠠ ᠦᠪᠡᠷ ᠢᠶᠠᠨ ᠲᠡᠯᠬᠢᠭ᠌ᠳᠡᠵᠤ ᠬᠤᠮᠢᠭᠳᠠᠬᠤ ᠮᠡᠳᠤ * | ************* | ᠠᠳᠤᠭᠤ ᠭᠢᠯᠢᠭᠰᠡᠨ ᠮᠤᠩᠭᠤᠯ ᠡᠷ᠎ᠡ | ᠠᠳᠠᠭ ᠤᠨ ᠶᠠᠪᠠᠭᠠᠨ ᠪᠤᠯᠴᠢᠬᠠᠬᠤ ᠶᠤᠮ ᠪᠤᠯ | ᠠᠷᠭᠠᠯ ᠤᠨ ᠴᠢᠬᠢᠭ ᠦᠭᠡᠢ ᠬᠠᠳᠠᠭᠰᠠᠨ ᠴᠦᠯ ᠳᠤ | ᠠᠩᠭᠠᠭᠰᠠᠨ ᠭᠠᠭᠴᠠ ᠬᠤᠨᠢᠨ ᠬᠦᠷᠪᠡᠯ ᠪᠤᠯᠤᠨ᠎ᠠ | ᠠᠳᠠᠷ ᠬᠠᠭᠠᠯᠪᠤᠷᠢᠯᠠᠭᠰᠠᠨ ᠲᠡᠷᠢᠶᠠᠴᠢᠨ ᠡᠷ᠎ᠡ | ᠠᠷᠭᠠᠴᠠᠯ ᠦᠭᠡᠢ ᠭᠠᠩ ᠲᠤ ᠲᠠᠭᠠᠷᠢᠭᠳᠠᠬᠤ ᠶᠤᠮ ᠪᠤᠯ | ᠠᠮᠤ ᠴᠤ ᠮᠦᠬᠦᠯᠢᠭ ᠦᠭᠡᠢ ᠰᠢᠳᠠᠭᠳᠠᠭᠰᠠᠨ ᠭᠤᠤᠷᠰᠤᠨ ᠳᠤ | ᠠᠳᠠᠷᠢᠭᠰᠠᠨ ᠭᠠᠭᠴᠠ ᠦᠳᠤ ᠬᠤᠷᠤᠬᠠᠢ ᠪᠤᠯᠤᠨ᠎ᠠ | ᠲᠤᠤᠷ ᠬᠠᠶᠠᠭᠰᠠᠨ ᠵᠢᠭᠠᠰᠤᠴᠢᠨ ᠡᠷ᠎ᠡ | ᠲᠤᠭᠰᠢᠨ ᠲᠠᠪᠠᠯᠭᠠᠨ ᠳᠤ ᠶᠡᠬᠦᠳᠬᠦᠭᠳᠡᠬᠦ ᠶᠤᠮ ᠪᠤᠯ | ᠲᠦᠭᠡᠷᠢᠯ ᠤᠨ ᠡᠷᠢᠯ ᠦᠭᠡᠢ ᠲᠠᠩᠬᠢᠰ ᠤᠨ ᠢᠷᠤᠭᠠᠷ ᠲᠤ | ᠲᠡᠮᠳᠡᠷᠢᠭᠰᠡᠨ ᠭᠠᠭᠴᠠ ᠲᠡᠪᠡᠨᠡ ᠶᠢᠨ ᠴᠦᠬᠦᠷᠡᠯ ᠪᠤᠯᠤᠨ᠎ᠠ | ᠲᠤᠮᠤᠭ ᠤᠨ ᠰᠦᠬᠡ ᠲᠠᠢ ᠲᠦᠯᠡᠭᠡᠴᠢᠨ ᠡᠷ᠎ᠡ | ᠲᠤᠷᠤᠭ ᠠᠭᠠᠯᠵᠢᠨ ᠰᠢᠯᠤᠰᠤᠨ ᠳᠤ ᠪᠦᠰᠡᠯᠡᠭᠳᠡᠬᠦ ᠶᠤᠮ ᠪᠤᠯ | ᠲᠤᠷᠠᠭᠠᠨ ᠰᠢᠮᠡᠳᠠᠰᠤᠨ ᠳᠤ ᠡᠬᠦᠷᠢᠳᠤᠵᠤ ᠴᠢᠬᠤᠯᠠᠳᠠᠭᠰᠠᠨ ᠬᠦᠩᠵᠤ ᠶᠢᠨ | ᠲᠤᠤᠵᠠ ᠳᠤ ᠠᠳᠡᠭᠰᠡᠨ ᠬᠠᠶᠢᠷᠬᠠᠨ ᠦᠬᠦᠯ ᠪᠤᠯᠤᠨ᠎ᠠ ᠃ | |