ᠢᠵᠢᠢ ᠪᠤᠷᠬᠠᠨ ᠤ ᠰᠤᠶᠤᠷᠬᠠᠯ
ᠨᠡᠶᠢᠲᠡᠯᠡᠭᠰᠡᠨ ᠴᠠᠭ᠄
2018/10/31
 ᠢᠵᠢᠢ ᠪᠤᠷᠬᠠᠨ ᠤ ᠰᠤᠶᠤᠷᠬᠠᠯ                                   ᠠᠯᠲᠠᠨᠴᠢᠯᠠᠭᠤ ᠬᠦᠤ ᠨᠢ ᠲᠠᠨ ᠢ ᠵᠢᠷᠤᠵᠤ ᠠᠮᠢᠳᠤᠷᠠᠳᠠᠭ ᠲᠤᠯᠤᠭᠠᠨ ᠪᠤᠷᠬᠠᠨ ᠤ ᠡᠭᠡᠰᠢᠭᠲᠦ ᠠᠶᠠᠯᠭᠤᠨ ᠠᠴᠠ ᠲᠤᠷᠤᠨ᠎ᠠ ᠶᠢᠨ ᠴᠠᠭᠠᠨ ᠰᠠᠷᠠ ᠮᠠᠨᠳᠤᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠮᠢᠩᠭᠠᠨ ᠤᠨ ᠤ ᠤᠷᠤᠭ ᠲᠠᠯ᠎ᠠ ᠠᠴᠠ ᠮᠤᠷᠢᠳ ᠤᠨ ᠲᠦᠪᠡᠷᠭᠡᠨ ᠰᠤᠨᠤᠷ ᠠᠷᠭᠠᠳᠠᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠬᠦᠭᠵᠢᠮ ᠤᠨ ᠴᠤᠬᠢᠯᠭᠠᠲᠤ ᠠᠭᠠᠲᠠᠷ ᠪᠤᠷᠤᠭᠠᠨ ᠬᠦᠬᠡ ᠲᠡᠭᠷᠢ ᠶᠢᠨ ᠡᠯᠢᠭᠡᠨ ᠠᠴᠠ ᠢᠪᠢᠯᠦᠬᠦ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠡᠬᠡ ᠪᠠᠨ ᠦᠭᠡᠶᠢᠯᠡᠭᠰᠡᠨ ᠨᠢᠯᠬ᠎ᠠ ᠲᠦᠯ ᠤᠨ ᠲᠠᠭᠤᠨ ᠦᠷᠦ ᠵᠦᠭᠡᠯᠡᠨ ᠤᠷᠴᠢᠯᠠᠩ ᠢᠶᠠᠷ ᠨᠢᠭᠡ ᠬᠠᠳᠠᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠡᠭᠦᠯᠡ ᠱᠦᠷᠭᠦᠬᠦ ᠠᠭᠤᠯᠠᠰ ᠤᠨ ᠤᠷᠤᠢ ᠳᠤ ᠸᠠᠩᠰᠠᠮᠪᠤᠷᠤ ᠴᠡᠴᠡᠭ ᠳᠡᠯᠪᠡᠭᠡ ᠪᠠᠨ ᠵᠠᠳᠠᠯᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠭᠤᠤᠯ ᠮᠦᠷᠡᠨ ᠤ ᠴᠡᠩᠬᠡᠷ ᠤᠰᠤᠨ ᠤᠷᠤᠰᠤᠭᠠᠳ ᠳᠠᠭᠤᠰᠤᠰᠢ ᠦᠭᠡᠢ ᠠᠯᠤᠰ ᠲᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠤᠶᠠᠬᠠᠨ ᠽᠠᠮᠪᠤᠳᠢᠪ ᠤᠨ ᠦᠩᠭᠡ ᠪᠠᠷ ᠳᠦᠷᠪᠡᠨ ᠤᠯᠠᠷᠢᠯ ᠡᠭᠡᠯᠵᠢᠯᠡᠨ ᠰᠤᠯᠢᠭᠳᠠᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠬᠠᠴᠠᠷ ᠢ ᠮᠢᠨᠢ ᠦᠨᠦᠰᠦᠭᠡᠳ ᠬᠤᠴᠤᠷᠤᠭᠰᠠᠨ ᠠᠮᠠᠷᠠᠭ ᠪᠤᠷᠤ ᠲᠤᠯᠤᠭᠤᠳ ᠤᠨ ᠬᠢᠨᠢ ᠡᠩᠭᠡᠷ ᠲᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ ᠬᠦᠤ ᠨᠢ ᠲᠠᠨ ᠢ ᠵᠢᠷᠤᠵᠤ ᠠᠮᠢᠳᠤᠷᠠᠳᠠᠭ ᠰᠠᠴᠤᠯᠢ ᠶᠢᠨ ᠮᠦᠩᠭᠦᠨ ᠰᠦᠨ ᠠᠴᠠ ᠨᠢ ᠡᠭᠡᠰᠢᠭ ᠲᠤᠯᠤᠭᠠᠨ ᠰᠤᠯᠤᠩᠭ᠎ᠠ ᠳᠠᠲᠠᠬᠤ ᠳᠤ ᠢᠵᠢᠢ ᠪᠠᠨ ᠪᠢ ᠰᠦᠨ ᠤ ᠦᠩᠭᠡ ᠪᠠᠷ ᠵᠢᠷᠤᠶ᠎ᠠ ᠭᠡᠵᠤ ᠪᠤᠳᠤᠭᠰᠠᠨ ᠪᠤᠷᠬᠠᠨ ᠨᠠᠳᠠ ᠳᠤ ᠵᠢᠷᠤᠴᠢᠬᠠᠭᠰᠠᠨ ᠪᠠᠶᠢᠭᠰᠠᠨ᠃                    ᠬᠠᠶ᠋ᠢᠭ᠄  ᠠᠯᠠᠱᠠ ᠪᠠᠷᠠᠭᠤᠨ ᠬᠤᠰᠢᠭᠤᠨ ᠤ ᠠᠯᠲᠠᠨ ᠲᠡᠪᠰᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号