ᠡᠷᠬᠡ ᠴᠢᠯᠦᠭᠡᠨ ᠤ ᠵᠠᠶᠢᠨ ᠳᠤ | ᠰᠢᠵᠢᠷᠴᠡᠴᠡᠭ | ᠰᠤᠯᠤᠩᠭ᠎ᠠ ᠲᠠᠳᠠᠬᠤ ᠠᠭᠱᠠᠨ ᠰᠢᠭ᠋ | ᠡᠷᠬᠡ ᠴᠢᠯᠦᠭᠡᠨ ᠤ ᠵᠠᠶᠢᠨ ᠳᠤ | ᠰᠤᠮᠤᠨ ᠬᠤᠷᠳᠤᠨ ᠬᠦᠯᠦᠭ ᠰᠢᠭ | ᠠᠮᠠᠭᠠᠢ ᠵᠢᠯᠤᠭᠤ ᠦᠭᠡᠢ ᠲᠠᠪᠬᠢᠬᠤ ᠰᠠᠶᠢᠬᠠᠨ | ᠰᠤᠷᠮᠤᠤᠰᠤᠨ ᠴᠠᠭᠠᠨ᠎ᠠ ᠪᠠᠨ ᠨᠢᠭᠤᠳᠠᠭ | ᠨᠢᠯᠪᠤᠰᠤ ᠮᠢᠨᠢ | ᠰᠤᠪᠤᠳᠤᠨ ᠡᠷᠢᠬᠡ ᠲᠠᠰᠤᠷᠠᠬᠤ ᠰᠢᠭ᠋ ᠨᠢ | ᠡᠷᠬᠡ ᠴᠢᠯᠦᠭᠡ ᠰᠢᠭ ᠢᠶᠠᠨ ᠰᠠᠶᠢᠬᠠᠨ | ᠰᠢᠭᠦᠳᠡᠷᠢ ᠶᠢᠨ ᠣᠰᠤ ᠨᠠᠪᠴᠢᠨ ᠳᠡᠭᠡᠷ᠎ᠡ ᠳᠤᠭᠳᠠᠨ ᠪᠦᠩᠵᠢᠩᠨᠡᠬᠦ ᠨᠢ | ᠡᠷᠡᠭᠦᠯ ᠤᠬᠠᠭᠠᠨ ᠰᠢᠭ᠋ ᠢᠶᠠᠨ ᠰᠠᠶᠢᠠᠬᠠᠨ | ᠰᠦᠨᠢ ᠶᠢᠨ ᠰᠠᠷᠠᠨ ᠳᠤ ᠳᠤᠷᠠᠯᠠᠯ ᠠᠰᠠᠬᠤ ᠨᠢ | ᠡᠵᠡᠨ ᠬᠦᠮᠦᠨ ᠰᠢᠭ ᠢᠶᠠᠨ ᠰᠠᠶᠢᠠᠬᠠᠨ | ᠡᠭᠡᠮᠦᠭ ᠵᠡᠭᠦᠯᠳᠡ ᠪᠠᠨ ᠲᠠᠶᠢᠯᠤᠨ | ᠬᠠᠨᠢ ᠪᠠᠨ ᠬᠦᠯᠢᠶᠡᠬᠦ ᠳᠤ | ᠡᠷᠬᠡ ᠴᠢᠯᠦᠭᠡ ᠭᠡᠷᠡᠯ ᠪᠤᠯᠵᠤ ᠠᠰᠠᠨ᠎ᠠ | ᠡᠩᠭᠡᠷ ᠤᠨ ᠳᠤᠪᠴᠢ ᠪᠠᠨ ᠠᠯᠳᠠᠷᠠᠭᠠᠨ | ᠦᠷ᠎ᠡ ᠪᠠᠨ ᠭᠦᠬᠦᠭᠦᠯᠬᠦ ᠳᠤ | ᠡᠷᠬᠡ ᠴᠢᠯᠦᠭᠡ ᠡᠵᠢ ᠶᠢᠨ ᠮᠢᠨᠢ ᠬᠠᠷᠠᠴᠠ ᠰᠢᠭ᠋ ᠮᠡᠯᠮᠡᠷᠡᠨ᠎ᠡ | ᠡᠭᠦᠯᠡ ᠨᠠᠷᠠᠨ ᠤ ᠴᠢᠯᠦᠭᠡᠨ ᠳᠤ | ᠰᠢᠪᠠᠭᠤᠳ ᠳᠡᠭᠦᠯᠢᠬᠦ ᠳᠤ | ᠡᠷᠬᠡ ᠴᠢᠯᠦᠭᠡ ᠠᠮᠤᠭᠤᠯᠠᠩ ᠪᠠᠭᠤᠴᠠ ᠰᠢᠭ᠋ ᠳᠤᠨᠢᠶ᠋ᠷᠳᠤᠨᠠ | ᠦᠦᠷ ᠰᠦᠨᠢ ᠶᠢᠨ ᠬᠤᠭᠤᠷᠤᠨᠳᠤ | ᠨᠤᠭᠤᠭ᠎ᠠ ᠤᠷᠭᠤᠬᠤ ᠳᠤ | ᠡᠷᠬᠡ ᠴᠢᠯᠦᠭᠡ ᠡᠬᠡ ᠤᠷᠤᠨ ᠤ ᠮᠢᠨᠢ ᠠᠨᠢᠷ ᠪᠤᠯᠵᠤ ᠳᠤᠶᠠᠭᠠᠷᠠᠨ᠎ᠠ | ᠰᠠᠶᠢᠬᠠᠨ ᠪᠦᠬᠦᠨ ᠳᠡᠷᠭᠡᠳᠡ ᠠᠴᠠ ᠮᠢᠨᠢ ᠡᠬᠢᠯᠡᠵᠦ ᠪᠠᠶᠢᠨ᠎ᠠ | ᠰᠠᠶᠢᠬᠠᠨ ᠡᠷᠬᠡ ᠴᠢᠯᠦᠭᠡ ᠦᠪᠡᠷ ᠠᠴᠠ ᠮᠢᠨᠢ ᠳᠡᠯᠭᠡᠷᠡᠵᠦ ᠪᠠᠶᠢᠨ᠎ᠠ | ᠴᠠᠭ ᠬᠤᠭᠤᠴᠠᠭ᠎ᠠ ᠲᠠᠢ ᠪᠠᠨ ᠪᠢ | ᠡᠷᠬᠡ ᠴᠢᠯᠦᠭᠡ ᠰᠢᠭ ᠪᠠᠨ ᠠᠭᠤᠰᠴᠤ ᠪᠠᠶᠢᠨ᠎ᠠ | ᠴᠠᠢ ᠪᠠᠨ ᠪᠢ ᠰᠠᠮᠤᠷᠴᠤ ᠪᠠᠶᠢᠬᠤ ᠰᠢᠭ᠋ | ᠡᠷᠬᠡ ᠴᠢᠯᠦᠭᠡ ᠵᠦᠭ ᠠᠰᠬᠠᠷᠠᠵᠤ ᠪᠠᠶᠢᠨ᠎ᠠ | ᠰᠤᠯᠤᠩᠭᠠᠷᠠᠨ ᠭᠡᠷᠡᠯᠳᠦᠬᠦ ᠡᠷᠬᠡ ᠴᠢᠯᠦᠭᠡ ᠶᠢ | ᠬᠤᠷ᠎ᠠ ᠲᠠᠢ ᠨᠢ ᠪᠢ ᠬᠦᠰᠡᠳᠡᠭ | ᠰᠤᠮᠤᠳᠠᠨ ᠳᠠᠪᠬᠢᠬᠤ ᠬᠦᠯᠦᠭ ᠮᠤᠷᠢᠳ ᠢ | ᠬᠤᠷᠳᠤ ᠲᠠᠢ ᠨᠢ ᠪᠠᠶᠢᠬᠤ ᠶᠢ ᠬᠦᠰᠡᠳᠡᠭ | ᠡᠷᠬᠡ ᠴᠢᠯᠦᠭᠡ ᠦᠪᠡᠷ ᠢᠶᠠᠨ | ᠡᠵᠡᠨ ᠲᠠᠢ ᠪᠠᠨ ᠪᠠᠶᠢᠬᠤ ᠶᠢ ᠬᠦᠰᠡᠳᠡᠭ | ᠡᠩᠭᠦᠷᠡᠢ ᠦᠷ᠎ᠡ ᠳᠡᠭᠡᠨ ᠡᠵᠢ ᠨᠢ | ᠡᠷᠬᠡ ᠴᠢᠯᠦᠭᠡ ᠰᠢᠭ ᠢᠶᠠᠨ ᠪᠠᠶᠢᠬᠤ ᠶᠢ ᠬᠦᠰᠡᠳᠡᠭ ᠡ | |