ᠲᠠᠮᠤᠴᠢ ᠶᠢᠨ ᠲᠠᠯ᠎ᠠ | ᠷᠢ᠊ ᠂ ᠰᠡᠴᠡᠨᠳᠤ | ᠲᠠᠯ᠎ᠠ ᠠᠴᠠ ᠲᠠᠯ᠎ᠠ ᠳᠤ ᠤᠷᠤᠯ᠎ᠠ | ᠲᠠᠮᠤᠴᠢ ᠶᠢᠨ ᠲᠠᠯ᠎ᠠ ᠰᠠᠶ᠋ᠢ ᠡᠬᠢᠯᠡᠵᠤ ᠪᠠᠶᠢᠬᠤ ᠶᠤᠮ ᠭᠡᠨ᠎ᠡ ᠯᠠᠢ | ᠲᠠᠯ᠎ᠠ ᠠᠴᠠ ᠲᠠᠯ᠎ᠠ ᠲᠡᠶᠢᠰᠢ ᠶᠠᠪᠤᠯ᠎ᠠ | ᠲᠠᠮᠤᠴᠢ ᠶᠢᠨ ᠲᠠᠯ᠎ᠠ ᠲᠤᠭᠤᠶᠢᠷᠠᠭᠠᠳ ᠲᠡᠯᠡᠵᠤ ᠪᠠᠶᠢᠬᠤ ᠶᠤᠮ ᠭᠡᠨ᠎ᠡ ᠯᠠᠢ | ᠲᠡᠭᠷᠢ ᠶᠢᠨ ᠡᠯᠴᠢᠯ ᠬᠠᠶᠠᠭᠠᠨ ᠳᠤ | ᠮᠤᠬᠤᠭᠰᠠᠨ ᠵᠡᠷᠭᠡᠯᠭᠡ ᠴᠠᠩᠭᠠᠭᠰᠠᠨ ᠰᠠᠯᠬᠢᠨ ᠤ ᠰᠦᠨᠡᠰᠤ ᠰᠢᠭ᠋ | ᠲᠡᠭᠡᠭᠡᠷᠡᠰᠢᠭ᠌ᠳᠡᠵᠤ ᠤᠷᠬᠢᠭᠳᠠᠭᠰᠠᠨ ᠬᠡᠨᠵᠡ ᠲᠤᠯᠤᠭᠠᠳ | ᠮᠢᠩᠭᠠᠨᠳᠠ ᠦᠨᠳᠡᠯᠵᠡᠪᠡᠴᠤ ᠵᠤᠯᠠᠢ ᠠᠴᠠ ᠪᠠᠨ ᠬᠠᠭᠰᠠᠨᠠ | ᠲᠡᠨᠳᠡ ᠪᠠᠶᠢᠭᠠᠳ ᠯᠡ ᠪᠠᠶᠢᠳᠠᠭ ᠵᠠᠢ | ᠲᠡᠨᠢᠬᠦᠬᠡᠨ ᠠᠭᠤᠳᠠᠮ ᠤᠨ ᠰᠠᠷᠠᠭᠤᠯᠬᠠᠨ ᠠᠮᠢᠰᠬᠤᠭ᠎ᠠ | ᠲᠡᠷᠭᠡᠯᠬᠡᠨ ᠨᠠᠷᠠ ᠭᠡᠷᠡᠯ ᠢᠶᠠᠷ ᠢᠶᠠᠨ ᠪᠤᠯᠤᠷᠬᠠᠨ ᠤᠬᠢᠶᠡᠵᠤ | ᠲᠦᠮᠡᠨ ᠵᠤᠪᠬᠢᠰ ᠤᠨ ᠬᠤᠶᠢᠮᠤᠷ ᠲᠤᠩᠭᠠᠯᠠᠭ ᠭᠡᠶᠢᠴᠡᠯᠡᠨᠡ | ᠲᠡᠨᠳᠡ ᠪᠠᠶᠢᠭᠠᠳ ᠯᠡ ᠪᠠᠶᠢᠳᠠᠭ ᠵᠠᠢ | ᠰᠦᠨᠦᠭᠰᠡᠨ ᠲᠠᠩᠬᠢᠰ ᠲᠠᠯᠠᠢ ᠪᠠᠨ ᠦᠭᠡᠶᠢᠯᠡᠨ | ᠲᠦᠬᠦᠷᠳᠡᠭᠰᠡᠨ ᠶᠠᠰᠤᠳᠤ ᠮᠡᠯᠡᠬᠡᠢ ᠶᠢᠨ ᠬᠠᠪᠬᠠᠭᠠᠰᠤ ᠬᠤᠶᠠᠭ | ᠰᠠᠷᠠᠨ ᠤ ᠬᠤᠯᠳᠤᠷᠬᠠᠢ ᠬᠠᠶᠢᠷᠰᠤ ᠰᠢᠭ ᠵᠢᠪᠡᠬᠡᠶᠢᠨᠡ | ᠲᠡᠶᠢᠮᠤ ᠠᠭᠤᠵᠢᠮᠠᠬᠨ ᠲᠠᠯ᠎ᠠ ᠳᠤ | ᠲᠠᠭᠤᠤ ᠴᠤ ᠦᠪᠡᠷ ᠢᠶᠠᠨ ᠭᠠᠭᠴᠠᠭᠠᠷᠳᠠᠬᠤ ᠶᠤᠮ ᠭᠡᠨ᠎ᠡ ᠯᠠᠢ | ᠲᠡᠶᠢᠮᠤ ᠢᠷᠠᠭᠤᠬᠠᠨ ᠲᠠᠯ᠎ᠠ ᠳᠤ | ᠴᠤᠤᠷᠢᠶ᠎ᠡ ᠴᠤ ᠦᠪᠡᠷ ᠢᠶᠠᠨ ᠴᠤᠴᠠᠷᠠᠳᠠᠭ ᠶᠤᠮ ᠭᠡᠨ᠎ᠡ ᠯᠠᠢ | ᠲᠡᠮᠡᠭᠡᠳ ᠬᠠᠶᠠ ᠰᠠᠯᠬᠢᠳᠡᠵᠤ ᠦᠩᠬᠡᠷᠡᠬᠦ ᠨᠢ | ᠲᠡᠨᠤᠭ᠍ᠰᠡᠨ ᠲᠠᠯᠠᠢ ᠳᠤ ᠭᠡᠨᠠᠳᠬᠡᠨ ᠠᠷᠠᠯ ᠬᠠᠷᠠᠭᠳᠠᠬᠤ ᠰᠢᠭ᠋ | ᠲᠡᠷᠭᠡᠳᠡᠬᠦᠷ ᠠᠯᠴᠢᠭᠠᠨᠠᠵᠤ ᠦᠩᠬᠡᠷᠡᠬᠦ ᠬᠦᠷᠪᠡᠯ ᠨᠢ | ᠲᠡᠷᠡᠰᠤᠳᠡᠢ ᠬᠤᠳᠤᠭᠤᠷ ᠤᠨ ᠤᠰᠤ ᠶᠢ ᠪᠤᠯᠢᠶᠠᠯᠳᠤᠬᠤ ᠰᠢᠭ᠋ | ᠲᠡᠨᠳᠡ ᠯᠡ ᠪᠦᠷᠳᠡᠶᠢᠵᠤ ᠠᠶᠠᠯᠠᠵᠤ ᠶᠠᠪᠤᠭ᠎ᠠ ᠶᠢᠨ | ᠠᠮᠢᠳᠤ ᠶᠢᠨ ᠭᠠᠭᠴᠠ ᠭᠡᠷᠡᠴᠢ | ᠲᠡᠭᠡᠬᠦᠷ ᠡᠷᠬᠢᠯᠳᠤᠬᠦ ᠰᠢᠪᠠᠭᠤᠳ ᠤᠨ ᠪᠠᠷ᠎ᠠ | ᠠᠭᠱᠢᠨ ᠵᠠᠭᠤᠷ᠎ᠠ ᠶᠢᠨ ᠤᠷᠮᠠᠰᠬᠠᠯ ᠠᠪᠴᠢᠷᠠᠨ᠎ᠠ | ᠲᠠᠰᠢᠭᠤᠯᠳᠤᠭ᠍ᠰᠡᠨ ᠰᠡᠬᠦᠳᠡᠷ ᠢᠶᠠᠨ ᠴᠢᠷᠤᠭ᠍ᠰᠡᠨ | ᠰᠡᠮᠡᠷᠬᠡᠢ ᠡᠬᠦᠯᠡᠰ ᠲᠤᠮᠤᠭ ᠤᠨ ᠨᠢᠭᠡᠨ ᠤᠴᠠᠷᠠᠯ | ᠲᠡᠩᠳᠡᠬᠦᠤ ᠦᠯᠦᠩ ᠪᠤᠷᠬᠢᠬᠤ ᠵᠠᠮ ᠤᠨ ᠲᠤᠭᠤᠰᠤ | ᠰᠠᠭᠠᠭ ᠤᠨ ᠬᠤᠮᠬᠠᠷᠠᠭᠤᠰᠤ ᠰᠢᠭ᠋ ᠲᠡᠯᠡᠬᠡᠢ ᠶᠢᠨ ᠬᠤᠭᠤᠯᠠᠢ ᠵᠠᠭᠠᠳᠤᠨᠠᠭᠤᠯᠤᠨᠠ | ᠲᠠᠯ᠎ᠠ ᠠᠴᠠ ᠲᠠᠯ᠎ᠠ ᠳᠤ ᠭᠠᠷᠤᠯ᠎ᠠ | ᠲᠠᠮᠤᠴᠢ ᠶᠢᠷᠳᠢᠨᠴᠤ ᠳᠤ ᠡᠩ ᠬᠢᠵᠠᠭᠠᠷ ᠢᠶᠠᠨ ᠶᠡᠬᠦᠯᠤᠯᠡ | ᠲᠠᠯ᠎ᠠ ᠠᠴᠠ ᠲᠠᠯ᠎ᠠ ᠳᠤ ᠬᠤᠨᠤᠯ᠎ᠠ | ᠲᠠᠮᠤᠴᠢ ᠤᠳᠤᠳ ᠢᠶᠠᠨ ᠨᠦᠬᠦᠭᠡ ᠭᠠᠷᠠᠭ ᠲᠤ ᠨᠡᠶᠢᠯᠡᠬᠦᠯᠤᠯᠡ | ᠲᠠᠯ᠎ᠠ ᠠᠴᠠ ᠲᠠᠯ᠎ᠠ ᠪᠤᠯᠤᠭᠰᠠᠨ ᠤᠨ ᠵᠢᠯ ᠤᠨ | ᠲᠡᠩᠯᠡᠬᠦᠬᠡᠨ ᠪᠤᠭᠤᠯᠠᠭᠠᠶᠢ ᠲᠠᠷᠬᠠᠯᠠᠨ ᠴᠢᠯᠤᠭᠡᠯᠡᠵᠤ | ᠲᠡᠭᠷᠢ ᠠᠴᠠ ᠲᠡᠭᠷᠢ ᠳᠤ ᠬᠦᠮᠤᠰ ᠨᠢᠰᠴᠤ | ᠲᠠᠨ ᠤ ᠮᠠᠨ ᠤ ᠶᠢᠷᠳᠢᠨᠴᠤ ᠪᠠᠨ | ᠲᠠᠮᠤᠴᠢ ᠭᠡᠵᠤ ᠨᠢᠰᠬᠦ ᠤᠩᠭᠤᠴᠠᠨ ᠲᠡᠭᠡᠷ᠎ᠡ ᠪᠠᠨ ᠬᠠᠶ᠋ᠢᠭᠯᠠᠯᠠ | ᠲᠠᠯ᠎ᠠ ᠲᠡᠶᠢᠰᠢ ᠪᠠᠨ ᠬᠦᠪᠤᠷᠡᠭᠰᠡᠨ | ᠲᠠᠳᠠᠯᠭ᠎ᠠ ᠲᠡᠭᠡᠰᠤ ᠰᠢᠭ᠋ ᠤᠯᠠᠨ ᠵᠠᠮ ᠬᠠᠷᠭᠤᠢ | ᠲᠡᠭᠷᠢ ᠲᠡᠶᠢᠰᠢ ᠪᠠᠨ ᠠᠰ ᠪᠤᠰᠴᠤ | ᠲᠠᠮᠤᠴᠢ ᠶᠢᠨ ᠠᠨᠢᠷ ᠲᠡᠭᠷᠢ ᠶᠢᠨ ᠠᠨᠢᠷ ᠪᠤᠯᠤᠯ᠎ᠠ | | | | |