ᠲᠠᠪᠠᠯ ᠲᠠᠢ ᠲᠠᠯᠠᠬᠡᠢ
ᠨᠡᠶᠢᠲᠡᠯᠡᠭᠰᠡᠨ ᠴᠠᠭ᠄
2018/10/31
   ᠲᠠᠪᠠᠯ ᠲᠠᠢ ᠲᠠᠯᠠᠬᠡᠢ                           ᠠᠯᠲᠠᠨᠪᠠᠶᠠᠷᠬᠠᠲᠠᠨ ᠵᠢᠷᠤᠭ ᠤᠨ ᠲᠣᠳᠣᠷ᠎ᠠ ᠲᠡᠷᠯᠢᠭ ᠢᠶᠠᠨ ᠪᠦᠰᠡᠯᠡᠭᠰᠡᠨ ᠦᠬᠢᠨ ᠶᠠᠪᠣᠵᠣ ᠪᠠᠶᠢᠨ᠎ᠠ  ᠪᠦᠰᠡ ᠶᠢ ᠨᠢ ᠲᠠᠶᠢᠯᠣᠭᠠᠳ  ᠪᠦᠰᠡᠭᠦᠢ ᠪᠠᠨ ᠪᠣᠯᠭᠠᠴᠢᠬᠠᠶ᠎ᠠ ᠭᠡᠵᠣ  ᠲᠦᠷᠬᠦᠮ ᠮᠡᠲᠦ ᠬᠠᠳᠡᠨ ᠳᠤᠨᠢ ᠬᠠᠳᠠᠭ ᠲᠠᠯᠪᠢᠵᠣ ᠦᠵᠡᠯ᠎ᠡ  ᠭᠠᠩᠭᠠᠩ ᠲᠡᠯᠡᠬᠡᠢ ᠶᠢᠨ ᠮᠠᠩᠨᠠᠢ ᠨᠢ ᠬᠠᠯᠴᠠᠷᠠᠴᠢᠬᠠᠳᠠᠭ ᠭᠡᠵᠣ ᠨᠠᠮᠠᠢᠢ ᠪᠣᠴᠠᠭᠠᠭᠰᠠᠨ  ᠣᠯᠠᠨ ᠵᠢᠯ ᠤᠨ ᠲᠠᠷᠠᠭ᠎ᠠ ᠲᠠᠬᠢᠭᠠᠳ ᠪᠢ ᠣᠴᠢᠭᠰᠠᠨ  ᠬᠠᠭᠤᠷᠠᠢ ᠨᠢᠯᠪᠣᠰᠣ ᠲᠠᠢ ᠭᠠᠵᠠᠷ ᠤᠨ ᠰᠢᠷᠬ᠎ᠠ ᠠᠯᠮᠠᠶᠢᠷᠠᠵᠣ ᠣᠭᠲᠣᠪᠠ  ᠮᠦᠩᠭᠦᠨ ᠵᠠᠯᠠᠭ᠎ᠠ ᠲᠠᠢ ᠮᠠᠯᠠᠭᠠᠢ ᠪᠠᠨ ᠠᠪᠴᠣ ᠲᠠᠯᠪᠢᠭᠠᠳ ᠪᠢ ᠶᠠᠪᠣᠭᠰᠠᠨ  ᠰᠡᠭᠦᠯᠡᠷ ᠨᠢ ᠲᠡᠷᠡ ᠮᠠᠯᠠᠭᠠᠢ  ᠰᠦᠮᠪᠦᠷ ᠴᠠᠭᠠᠨ ᠠᠭᠤᠯᠠ ᠪᠣᠯᠣᠭᠰᠠᠨ ᠭᠡᠳᠡᠭ    ᠪᠣᠵᠢᠬᠢᠨᠠᠭᠰᠠᠨ ᠣᠯᠠᠨ ᠨᠠᠭᠠᠳᠣᠮᠴᠢᠳ ᠤᠨ ᠲᠣᠳᠣᠷ᠎ᠠ ᠠᠴᠠ  ᠲᠣᠭᠤᠷᠴᠤᠭ ᠮᠠᠯᠠᠭᠠᠢ ᠲᠠᠢ ᠡᠭᠡᠴᠢ ᠮᠢᠨᠢ ᠯᠠ ᠲᠣᠷᠮᠣᠶᠢᠵᠣ ᠬᠠᠷᠠᠭᠳᠠᠨ᠎ᠠ  ᠲᠣᠭᠤᠷᠴᠤᠭ ᠤᠨ ᠬᠢᠨᠢ ᠣᠷᠣᠢ ᠳᠤ  ᠲᠣᠭᠤᠰ ᠤᠨ ᠦᠳᠦ ᠬᠠᠳᠬᠤᠵᠣ ᠭᠠᠩᠭᠠᠯᠠᠶ᠎ᠠ ᠭᠡᠵᠣ  ᠬᠠᠨᠢ ᠮᠡᠲᠦ ᠣᠢ ᠬᠦᠪᠴᠢ ᠠᠴᠠ ᠨᠢ ᠲᠠᠯ᠎ᠠ ᠵᠠᠰᠠᠵᠣ ᠠᠰᠠᠭᠤᠯ᠎ᠠ  ᠴᠡᠯ ᠵᠠᠯᠠᠭᠤᠬᠠᠨ ᠲᠡᠯᠡᠬᠡᠢ ᠶᠢᠨ ᠵᠢᠷᠦᠬᠡ ᠨᠢ ᠡᠮᠲᠡᠷᠡᠴᠢᠬᠡᠳᠡᠭ ᠭᠡᠵᠣ ᠨᠠᠮᠠᠢᠢ ᠪᠣᠴᠠᠭᠠᠭᠰᠠᠨ  ᠣᠯᠠᠨ ᠵᠢᠯ ᠤᠨ ᠲᠠᠷᠠᠭ᠎ᠠ ᠲᠠᠬᠢᠭᠠᠳ ᠪᠢ ᠣᠴᠢᠭᠰᠠᠨ  ᠠᠨᠢᠷᠲᠠᠬᠤ ᠶᠠᠭᠤᠮ᠎ᠠ ᠦᠭᠡᠢ ᠪᠦᠬᠦᠭᠰᠡᠨ ᠣᠢ ᠮᠠᠯᠮᠠᠷᠡᠵᠣ ᠣᠭᠲᠠᠪᠠ  ᠮᠢᠨᠳᠠᠰᠣᠨ ᠲᠣᠷᠭᠠᠨ ᠪᠦᠰᠡ ᠪᠠᠨ ᠲᠡᠯᠭᠡᠵᠣ ᠲᠠᠯᠪᠢᠭᠠᠳ ᠪᠢ ᠶᠠᠪᠣᠭᠰᠠᠨ  ᠰᠡᠭᠦᠯᠡᠷ ᠨᠢ ᠲᠡᠷᠡ ᠪᠦᠰᠡ  ᠦᠷᠭᠡᠨ ᠴᠡᠩᠬᠡᠷ ᠮᠦᠷᠡᠨ ᠪᠣᠯᠣᠭᠰᠠᠨ ᠭᠡᠳᠡᠭ    ᠬᠡᠳᠦᠨ ᠮᠠᠭᠤ ᠭᠤᠳᠣᠷᠠᠩ ᠲᠠᠢ ᠪᠠᠨ ᠶᠠᠷᠢᠭᠰᠠᠭᠠᠷ  ᠲᠠᠯᠢᠩᠪᠦᠨ ᠲᠡᠷᠯᠢᠭ ᠲᠠᠢ ᠡᠮᠧ ᠮᠢᠨᠢ ᠮᠠᠶᠢᠵᠢᠭᠢᠨᠠᠵᠣ ᠪᠠᠶᠢᠨ᠎ᠠ  ᠨᠠᠷᠠᠨ ᠤ ᠪᠠᠭᠤᠴᠠ ᠬᠡᠮᠡᠷ ᠣᠩᠭᠤᠭᠰᠠᠨ ᠡᠩᠭᠡᠷ ᠲᠤᠨᠢ  ᠨᠠᠷᠠᠲᠣ ᠶᠢᠨ ᠬᠠᠮᠤᠭ ᠭᠤᠶᠣ ᠴᠡᠴᠡᠭ ᠢ ᠵᠦᠢᠵᠣ ᠬᠡᠬᠡᠷᠡᠭᠦᠯᠦᠶ᠎ᠡ ᠭᠡᠵᠣ  ᠠᠮᠷᠠᠭ ᠮᠡᠲᠦ ᠡᠷᠪᠡᠬᠡᠢ ᠠᠴᠠ ᠨᠢ ᠵᠦᠪ ᠠᠰᠠᠭᠤᠵᠣ ᠦᠵᠡᠯ᠎ᠡ  ᠬᠦᠪᠴᠢᠨ ᠲᠡᠯᠡᠬᠡᠢ ᠶᠢᠨ ᠰᠠᠨᠴᠢᠭ ᠨᠢ ᠪᠣᠭᠤᠷᠣᠯᠳᠣᠳᠠᠭ ᠭᠡᠵᠣ ᠨᠠᠮᠠᠢᠢ ᠪᠣᠴᠠᠭᠠᠭᠰᠠᠨ  ᠣᠯᠠᠨ ᠵᠢᠯ ᠤᠨ ᠲᠠᠷᠠᠭ᠎ᠠ ᠠᠬᠢᠭᠠᠳ ᠪᠢ ᠣᠴᠢᠭᠰᠠᠨ  ᠦᠷᠲᠡᠬᠦ ᠶᠠᠭᠤᠮ᠎ᠠ ᠦᠭᠡᠢ ᠨᠢᠴᠦᠭᠦᠨ ᠲᠣᠯᠣᠭᠠᠳ ᠭᠠᠩᠰᠠᠷᠠᠵᠣ ᠣᠭᠲᠠᠪᠠ  ᠬᠤᠷᠠᠰᠬᠠᠨ ᠲᠡᠪᠡᠯ ᠢᠶᠠᠷ ᠢᠶᠠᠨ ᠬᠤᠴᠢᠵᠣ ᠲᠠᠯᠪᠢᠭᠠᠳ ᠪᠢ ᠶᠠᠪᠣᠭᠰᠠᠨ  ᠬᠤᠵᠢᠮ ᠨᠢ ᠲᠡᠷᠡ ᠲᠡᠪᠡᠯ  ᠨᠣᠮᠢᠨ ᠨᠣᠭᠤᠭᠠᠨ ᠲᠠᠯ᠎ᠠ ᠪᠣᠯᠣᠭᠰᠠᠨ ᠭᠡᠳᠡᠭ   ᠣᠯᠠᠨ ᠣᠯᠠᠨ ᠵᠢᠯ ᠤᠨ ᠬᠤᠶᠢᠨ᠎ᠠ  ᠪᠢ ᠪᠣᠷᠬᠠᠨ ᠠᠴᠠ ᠴᠢᠯᠦᠭᠡ ᠭᠤᠶᠣᠵᠣ  ᠪᠦᠯᠢᠶᠡᠨ ᠰᠦ ᠨᠡᠭᠡᠭᠰᠡᠨ ᠦᠯᠦᠭᠡᠢ ᠲᠣᠳᠣᠷ᠎ᠠ ᠪᠠᠨ ᠴᠢᠷᠠᠯᠠᠵᠣ ᠰᠡᠷᠢᠬᠦ ᠳᠤ  ᠠᠭᠤᠯᠠ ᠪᠠᠨ ᠲᠡᠷᠡᠯᠡᠵᠣ᠂ ᠲᠠᠯ᠎ᠠ ᠪᠠᠨ ᠲᠡᠪᠢᠰᠴᠣ  ᠲᠡᠭᠷᠢ ᠪᠠᠨ ᠨᠦᠮᠦᠷᠴᠦ᠂ ᠭᠤᠣᠯ ᠮᠦᠷᠡᠨ ᠢᠶᠠᠨ ᠪᠦᠰᠡᠯᠡᠴᠢᠬᠡᠭᠰᠡᠨ ᠣᠨᠲᠠᠵᠣ ᠪᠡᠶᠢᠯ᠎ᠡ  ᠲᠡᠷᠭᠡᠳᠡ ᠡᠵᠢ ᠮᠢᠨᠢ  ᠲᠡᠯᠡᠬᠡᠢ ᠳᠤ ᠡᠯᠪᠡᠭᠳᠡᠭᠰᠡᠨ ᠲᠡᠪᠡᠯ ᠤᠨ ᠮᠢᠨᠢ  ᠰᠡᠭᠦᠯᠴᠢ ᠶᠢᠨ ᠲᠣᠪᠴᠢ ᠶᠢ ᠬᠠᠳᠠᠵᠣ ᠰᠠᠭᠤᠨ᠎ᠠ              
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号