ᠡᠷᠬᠡ ᠴᠢᠯᠦᠭᠡᠨ ᠤ ᠵᠠᠶᠢᠨ ᠳᠤ
ᠨᠡᠶᠢᠲᠡᠯᠡᠭᠰᠡᠨ ᠴᠠᠭ᠄
2018/10/31
       ᠡᠷᠬᠡ ᠴᠢᠯᠦᠭᠡᠨ ᠤ ᠵᠠᠶᠢᠨ ᠳᠤ                                      ᠰᠢᠵᠢᠷᠴᠡᠴᠡᠭ  ᠰᠤᠯᠤᠩᠭ᠎ᠠ ᠲᠠᠳᠠᠬᠤ ᠠᠭᠱᠠᠨ ᠰᠢᠭ᠋                 ᠡᠷᠬᠡ ᠴᠢᠯᠦᠭᠡᠨ ᠤ ᠵᠠᠶᠢᠨ   ᠳᠤ  ᠰᠤᠮᠤᠨ ᠬᠤᠷᠳᠤᠨ ᠬᠦᠯᠦᠭ ᠰᠢᠭ                 ᠠᠮᠠᠭᠠᠢ ᠵᠢᠯᠤᠭᠤ ᠦᠭᠡᠢ ᠲᠠᠪᠬᠢᠬᠤ ᠰᠠᠶᠢᠬᠠᠨ  ᠰᠤᠷᠮᠤᠤᠰᠤᠨ ᠴᠠᠭᠠᠨ᠎ᠠ ᠪᠠᠨ ᠨᠢᠭᠤᠳᠠᠭ                 ᠨᠢᠯᠪᠤᠰᠤ ᠮᠢᠨᠢ   ᠰᠤᠪᠤᠳᠤᠨ ᠡᠷᠢᠬᠡ ᠲᠠᠰᠤᠷᠠᠬᠤ ᠰᠢᠭ᠋ ᠨᠢ                 ᠡᠷᠬᠡ  ᠴᠢᠯᠦᠭᠡ ᠰᠢᠭ ᠢᠶᠠᠨ ᠰᠠᠶᠢᠬᠠᠨ   ᠰᠢᠭᠦᠳᠡᠷᠢ   ᠶᠢᠨ ᠣᠰᠤ ᠨᠠᠪᠴᠢᠨ ᠳᠡᠭᠡᠷ᠎ᠡ ᠳᠤᠭᠳᠠᠨ ᠪᠦᠩᠵᠢᠩᠨᠡᠬᠦ ᠨᠢ                  ᠡᠷᠡᠭᠦᠯ ᠤᠬᠠᠭᠠᠨ ᠰᠢᠭ᠋ ᠢᠶᠠᠨ ᠰᠠᠶᠢᠠᠬᠠᠨ   ᠰᠦᠨᠢ ᠶᠢᠨ ᠰᠠᠷᠠᠨ ᠳᠤ ᠳᠤᠷᠠᠯᠠᠯ ᠠᠰᠠᠬᠤ ᠨᠢ                  ᠡᠵᠡᠨ ᠬᠦᠮᠦᠨ ᠰᠢᠭ ᠢᠶᠠᠨ ᠰᠠᠶᠢᠠᠬᠠᠨ   ᠡᠭᠡᠮᠦᠭ ᠵᠡᠭᠦᠯᠳᠡ ᠪᠠᠨ ᠲᠠᠶᠢᠯᠤᠨ             ᠬᠠᠨᠢ ᠪᠠᠨ ᠬᠦᠯᠢᠶᠡᠬᠦ ᠳᠤ                  ᠡᠷᠬᠡ ᠴᠢᠯᠦᠭᠡ ᠭᠡᠷᠡᠯ ᠪᠤᠯᠵᠤ ᠠᠰᠠᠨ᠎ᠠ ᠡᠩᠭᠡᠷ ᠤᠨ ᠳᠤᠪᠴᠢ ᠪᠠᠨ ᠠᠯᠳᠠᠷᠠᠭᠠᠨ             ᠦᠷ᠎ᠡ ᠪᠠᠨ ᠭᠦᠬᠦᠭᠦᠯᠬᠦ ᠳᠤ                  ᠡᠷᠬᠡ ᠴᠢᠯᠦᠭᠡ ᠡᠵᠢ ᠶᠢᠨ ᠮᠢᠨᠢ ᠬᠠᠷᠠᠴᠠ ᠰᠢᠭ᠋ ᠮᠡᠯᠮᠡᠷᠡᠨ᠎ᠡ ᠡᠭᠦᠯᠡ ᠨᠠᠷᠠᠨ ᠤ ᠴᠢᠯᠦᠭᠡᠨ ᠳᠤ             ᠰᠢᠪᠠᠭᠤᠳ ᠳᠡᠭᠦᠯᠢᠬᠦ ᠳᠤ                   ᠡᠷᠬᠡ ᠴᠢᠯᠦᠭᠡ ᠠᠮᠤᠭᠤᠯᠠᠩ ᠪᠠᠭᠤᠴᠠ  ᠰᠢᠭ᠋ ᠳᠤᠨᠢᠶ᠋ᠷᠳᠤᠨ᠎ᠠ ᠦᠦᠷ ᠰᠦᠨᠢ ᠶᠢᠨ ᠬᠤᠭᠤᠷᠤᠨᠳᠤ              ᠨᠤᠭᠤᠭ᠎ᠠ ᠤᠷᠭᠤᠬᠤ ᠳᠤ                   ᠡᠷᠬᠡ ᠴᠢᠯᠦᠭᠡ ᠡᠬᠡ ᠤᠷᠤᠨ ᠤ ᠮᠢᠨᠢ ᠠᠨᠢᠷ ᠪᠤᠯᠵᠤ ᠳᠤᠶᠠᠭᠠᠷᠠᠨ᠎ᠠ ᠰᠠᠶᠢᠬᠠᠨ ᠪᠦᠬᠦᠨ ᠳᠡᠷᠭᠡᠳᠡ ᠠᠴᠠ ᠮᠢᠨᠢ ᠡᠬᠢᠯᠡᠵᠦ  ᠪᠠᠶᠢᠨ᠎ᠠ ᠰᠠᠶᠢᠬᠠᠨ ᠡᠷᠬᠡ ᠴᠢᠯᠦᠭᠡ ᠦᠪᠡᠷ ᠠᠴᠠ ᠮᠢᠨᠢ ᠳᠡᠯᠭᠡᠷᠡᠵᠦ ᠪᠠᠶᠢᠨ᠎ᠠ ᠴᠠᠭ ᠬᠤᠭᠤᠴᠠᠭ᠎ᠠ ᠲᠠᠢ ᠪᠠᠨ ᠪᠢ              ᠡᠷᠬᠡ ᠴᠢᠯᠦᠭᠡ ᠰᠢᠭ ᠪᠠᠨ  ᠠᠭᠤᠰᠴᠤ ᠪᠠᠶᠢᠨ᠎ᠠ ᠴᠠᠢ ᠪᠠᠨ ᠪᠢ ᠰᠠᠮᠤᠷᠴᠤ ᠪᠠᠶᠢᠬᠤ ᠰᠢᠭ᠋                ᠡᠷᠬᠡ ᠴᠢᠯᠦᠭᠡ ᠵᠦᠭ ᠠᠰᠬᠠᠷᠠᠵᠤ  ᠪᠠᠶᠢᠨ᠎ᠠ ᠰᠤᠯᠤᠩᠭᠠᠷᠠᠨ ᠭᠡᠷᠡᠯᠳᠦᠬᠦ ᠡᠷᠬᠡ ᠴᠢᠯᠦᠭᠡ ᠶᠢ              ᠬᠤᠷ᠎ᠠ ᠲᠠᠢ ᠨᠢ ᠪᠢ ᠬᠦᠰᠡᠳᠡᠭ ᠰᠤᠮᠤᠳᠠᠨ ᠳᠠᠪᠬᠢᠬᠤ ᠬᠦᠯᠦᠭ ᠮᠤᠷᠢᠳ ᠢ              ᠬᠤᠷᠳᠤ ᠲᠠᠢ ᠨᠢ ᠪᠠᠶᠢᠬᠤ ᠶᠢ ᠬᠦᠰᠡᠳᠡᠭ ᠡᠷᠬᠡ ᠴᠢᠯᠦᠭᠡ ᠦᠪᠡᠷ ᠢᠶᠠᠨ               ᠡᠵᠡᠨ ᠲᠠᠢ ᠪᠠᠨ ᠪᠠᠶᠢᠬᠤ ᠶᠢ ᠬᠦᠰᠡᠳᠡᠭ ᠡᠩᠭᠦᠷᠡᠢ ᠦᠷ᠎ᠡ ᠳᠡᠭᠡᠨ ᠡᠵᠢ ᠨᠢ               ᠡᠷᠬᠡ ᠴᠢᠯᠦᠭᠡ ᠰᠢᠭ ᠢᠶᠠᠨ ᠪᠠᠶᠢᠬᠤ ᠶᠢ ᠬᠦᠰᠡᠳᠡᠭ ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号