ᠪᠤᠷᠤᠭᠠᠨ | ᠪᠤᠭᠤᠷᠤᠯ ᠭᠤᠪᠢ ᠳᠤ ᠨᠠᠷᠨ ᠲᠥᠬᠡᠷᠢᠵᠦ | ᠪᠤᠳᠤᠭᠤ ᠲᠠᠢ ᠢᠡᠭᠬᠡ ᠵᠠᠮ ᠳᠤ ᠵᠥᠷᠢᠬᠡᠤᠨ | ᠨᠠᠭᠠᠴᠤ ᠶᠢᠨ ᠮᠤᠷᠢᠨ ᠳᠤ ᠪᠤᠷᠤᠭᠠ ᠰᠤᠡᠳᠠᠯᠠᠵᠦ | ᠨᠤᠬᠠᠢ ᠬᠤᠷᠢᠭᠤᠯᠵᠦ ᠤᠶᠠᠭᠠᠨ ᠲᠡᠬᠡᠷᠠ ᠪᠠᠭᠤᠭᠠᠤᠨ | ᠴᠠᠬᠢᠯᠳᠠᠭ ᠤᠨ ᠬᠤᠰᠢᠭᠤ ᠳᠤ ᠲᠡᠮᠡᠬᠡᠨ ᠭᠥᠭᠦ ᠴᠢᠨᠤᠵᠦ | ᠴᠠᠭᠠ ᠲᠠᠢ ᠪᠤᠳᠠᠭᠠ ᠶᠢᠨ ᠥᠨᠤᠷ ᠬᠡᠷ ᠠᠴᠠ ᠬᠠᠨᠭ᠌ ᠲᠠᠳᠠᠭᠠᠤᠨ | ᠴᠥᠷᠬᠡᠯᠡᠭᠡ ᠲᠠᠢ ᠲᠡᠷᠬᠡ ᠶᠢ ᠨᠤᠭᠤᠭᠠᠨ ᠤ ᠪᠢᠷᠠᠭᠤ ᠱᠥᠷᠭᠦᠬᠡᠵᠦ | ︽ᠴᠠᠭᠠᠪᠠᠷᠰ ᠲᠠᠢ ᠷᠠᠳᠢᠤ᠋︾ ᠡᠪᠤᠬᠡᠨ ᠰᠢᠪᠠᠭᠤ ᠲᠠᠭᠤᠯᠠᠭᠠᠤᠨ | ᠪᠤᠷᠬᠠᠨ ᠬᠡᠷ ᠲᠤ ᠪᠠᠨ ᠡᠮᠡᠭᠡ ᠨᠤᠮ ᠤᠡᠭᠰᠢᠨ ᠲᠥᠡᠭᠬᠢᠨᠠᠵᠦ | ᠪᠤᠷᠴᠨ ᠲᠠᠢ ᠴᠠᠢ ᠳᠤ ᠬᠡᠶᠢᠴᠢᠨ ᠮᠤᠳᠤ ᠪᠤᠰᠤᠭᠠᠤᠨ | ᠬᠤᠯᠠ ᠶᠠᠪᠤᠬᠰᠠᠨ ᠬᠡᠤᠬᠡᠤᠨ ᠨᠤᠳᠤᠭ ᠤᠨ ᠪᠤᠷᠤᠭᠠ ᠠᠰᠠᠭᠤᠵᠦ | ᠬᠠᠭᠤᠷᠠᠢ ᠭᠤᠤᠯ ᠥᠡᠵᠢᠭᠦᠳᠠ ᠯᠠ ᠴᠠᠬᠡᠯ ᠲᠠᠳᠠᠨ ᠪᠢᠯᠠᠬᠠᠭᠤᠨ | ᠵᠠᠬᠵᠠᠭᠠ ᠰᠢᠪᠠᠭᠤ ᠲᠠᠯᠠᠨ ᠬᠡᠯᠡ ᠪᠠᠷ ᠶᠠᠩᠰᠢᠯᠳᠤᠵᠦ | ᠵᠠᠳᠠᠭᠠᠢ ᠡᠯᠡᠰᠤᠨ ᠳᠤ ᠠᠯᠠᠬᠳᠠᠭᠠ ᠬᠡᠷ ᠢᠶᠠᠨ ᠪᠠᠵᠠᠭᠠᠭᠠᠤᠨ | ᠴᠤᠩᠬᠤᠨ ᠰᠢᠯ ᠲᠡᠬᠡᠷᠠ ᠤᠰᠤ ᠵᠢᠷᠢᠯᠵᠠᠨ ᠭᠥᠶᠤᠵᠦ | ᠴᠠᠶᠢᠷᠠᠬᠤ ᠪᠤᠷᠤᠭᠠ ᠠᠳᠤᠭᠤᠨ ᠰᠠᠭᠦᠯ ᠢ ᠬᠤᠮᠪᠢᠭᠤᠯᠤᠭᠠᠤᠨ | ᠭᠥᠯᠴᠤᠭᠦᠬᠡᠨ ᠮᠠᠨᠠᠨ ᠬᠡᠷ ᠤᠨ ᠲᠤᠭᠤᠨᠤ ᠪᠠᠷ ᠥᠡᠭᠬᠡᠶᠢᠵᠦ | ᠭᠥᠭᠰᠢᠨ ᠡᠵᠢ ᠳᠤ ᠪᠠᠨ ᠪᠢ ᠨᠢᠳᠤ ᠪᠤᠯᠵᠦ ᠵᠡᠭᠦᠥ ᠰᠥᠪᠡᠯᠡᠬᠡᠤᠨ | ᠬᠡᠤᠬᠡᠨ ᠲᠠᠢ ᠠᠶᠢᠯ ᠤᠨ ᠨᠤᠡᠬᠤᠨ ᠰᠥᠨᠢᠵᠢᠨ ᠤᠶᠢᠮᠠᠵᠦ | ᠬᠤᠭᠤᠷ ᠥᠯᠢᠬᠡᠷ ᠬᠤᠶᠠᠭᠤᠯᠠ ᠪᠠᠨ ᠴᠢᠬᠢᠭᠳᠦᠵᠦ ᠤᠬᠢᠯᠠᠭᠠᠤᠨ | ᠨᠤᠷᠤᠬᠰᠠᠨ ᠴᠠᠮᠴᠠᠨ ᠤ ᠴᠠᠭᠠᠨᠠ ︽ᠭᠥᠬᠡᠷᠤᠭᠦᠨ ᠪᠥᠵᠤᠩᠬᠡᠢ︾ ᠬᠢᠷᠤᠬᠵᠦ | ᠨᠤᠶᠢᠳᠠᠨ ᠲᠥᠯᠡᠭᠡ ᠵᠤᠤᠡᠬᠠᠨ ᠳᠤ ᠨᠤᠴᠤᠨ ᠪᠠᠶᠢᠨ ᠱᠤᠤᠬᠢᠯᠳᠤᠭᠠᠤᠨ | ᠨᠤᠭᠤᠭᠠᠨ ᠲᠠᠯᠠ ᠶᠢᠨ ᠭᠥᠨ ᠳᠤ ᠶᠠᠪᠡᠭᠠᠨ ᠮᠠᠨᠠᠨ ᠲᠥᠬᠡᠷᠢᠵᠦ | ᠨᠤᠶᠢᠷᠮᠤᠭ ᠪᠤᠷᠤᠭᠠ ᠥᠤᠷ ᠢᠶᠠᠷ ᠵᠤᠭ ᠶᠠᠳᠠᠨ ᠰᠠᠩᠰᠠᠷᠠᠬᠡᠤᠨ | ᠮᠠᠯ ᠤᠨ ᠴᠤᠪᠤᠭᠠ ᠬᠤᠷᠤᠮᠬᠠᠨ ᠳᠤ ᠭᠥᠪᠤᠷᠢᠳᠤᠭ᠍ᠰᠠᠨ ᠶᠤᠮ ᠰᠢᠭ ᠪᠢᠳᠠᠭᠦᠷᠠᠵᠦ | ᠮᠠᠨᠤ ᠴᠠᠴᠡᠭ ᠢ ᠰᠥᠯᠵᠢᠵᠦ ᠶᠠᠭᠠᠨ ᠡᠷᠪᠡᠬᠡᠢ ᠪᠥᠵᠢᠬᠡᠤᠨ | ᠮᠠᠩᠬᠠᠨ ᠴᠥᠮᠤᠷᠬᠡᠢ ᠳᠤ ᠨᠠᠭᠤᠷ ᠪᠥᠷᠢᠳᠤ ᠮᠠᠴᠢᠤᠨ ᠤᠨ ᠲᠤᠭᠠ ᠪᠠᠷ ᠥᠷᠠᠵᠢᠵᠦ | ᠮᠠᠩᠬᠠᠨ ᠴᠥᠮᠤᠷᠬᠡᠢ ᠳᠤ ᠨᠠᠭᠤᠷ ᠪᠥᠷᠢᠳᠤ ᠮᠠᠴᠢᠤᠨ ᠤᠨ ᠲᠤᠭᠠ ᠪᠠᠷ ᠥᠷᠠᠵᠢᠵᠦ | ᠮᠡᠡᠴᠤᠢ ᠳᠤ ᠥᠷᠬᠡᠯᠡᠭᠦ ᠵᠢᠭᠠᠯ ᠮᠤᠷᠢ ᠵᠡᠭᠦᠳᠤᠯᠠᠵᠦ ᠰᠠᠷᠠᠬᠡᠤᠨ | ᠬᠠᠶᠢᠯᠠᠰᠤᠨ ᠨᠠᠮᠠᠭᠠᠨ ᠠᠴᠠ ᠪᠤᠷᠤᠭᠠ ᠨᠢᠬᠡ ᠬᠤᠶᠠᠷ ᠲᠤᠰᠤᠩᠨᠠᠵᠦ | ᠬᠠᠮᠢᠭᠠ ᠬᠤᠯᠠ ᠠᠴᠠ ᠮᠡᠯᠡᠬᠡᠢ ᠲᠠᠭᠤ ᠪᠠᠨ ᠥᠭᠭᠦᠨ ᠲᠤᠨᠢᠷᠠᠬᠠᠭᠠᠤᠨ | ᠭᠥᠷᠡᠭᠴᠢ ᠥᠨᠢᠶᠠ ᠲᠤᠭᠤᠯ ᠳᠤ ᠪᠠᠨ ᠲᠠᠰᠢᠶᠠ ᠬᠤᠯᠪᠢᠯᠵᠠᠭᠤᠯᠤᠨ ᠢᠷᠠᠵᠦ | ᠬᠤᠨᠭ᠍ᠭᠤᠷ ᠥᠷᠠ ᠪᠠᠨ ᠡᠵᠢ ᠨᠢ ᠠᠶᠢᠯ ᠠᠴᠠ ᠰᠤᠷᠠᠨ ᠲᠠᠭᠤᠳᠠᠭᠠᠤᠨ | ᠵᠢᠭᠦᠷ ᠨᠢ ᠨᠤᠷᠤᠬᠰᠠᠨ ᠬᠠᠷᠢᠶᠠᠴᠢ ᠨᠢᠰᠤᠨ ᠪᠠᠭᠤᠨ ᠠᠯᠳᠠᠵᠦ | ᠵᠥᠯᠬᠡ ᠨᠤᠭᠤᠭᠠ ᠤᠷᠤᠯᠳᠤᠵᠦ ᠵᠢᠭ ᠵᠤᠭ ᠰᠤᠭᠤᠷᠠᠭᠠᠤᠨ | ᠵᠥᠬᠡᠯᠡᠨ ᠪᠤᠷᠤᠭᠠᠨ ᠢᠶᠠᠷ ᠪᠤᠭᠤᠷᠤᠯ ᠤᠳ ᠵᠢᠭᠠᠬᠠᠨ ᠵᠢᠭᠤᠬᠠᠨ ᠬᠠᠯᠠᠰᠬᠢᠵᠦ | ᠵᠡᠬᠡᠷᠬᠡᠨᠠ ᠲᠠᠢ ᠭᠥᠳᠤᠯ ᠳᠤ ᠬᠡᠤᠬᠡᠤᠨ ᠰᠤᠯᠤᠩᠭᠠ ᠲᠠᠭᠤᠨ ᠠᠯᠢᠶᠠᠷᠠᠬᠠᠭᠤᠨ | ᠪᠠᠷᠢ ᠪᠠᠭᠤᠯᠭᠠᠬᠤ ᠠᠶᠢᠯ ᠤᠨ ᠬᠢᠨ ᠳᠤ ᠬᠤᠷᠢᠮ ᠨᠠᠶᠢᠷ ᠭᠥᠯᠭᠦᠬᠡᠷᠠᠵᠦ | ᠪᠤᠯᠠᠭ ᠲᠠᠢ ᠲᠥᠭᠦᠮ ᠳᠤ ᠮᠥᠭᠦᠨ ᠭᠥᠷᠢᠶᠠ ᠠᠯᠴᠢᠭᠤᠷ ᠬᠠᠶᠠᠨ ᠨᠠᠭᠠᠳᠤᠭᠠᠤᠨ | ᠪᠡᠯᠴᠢᠬᠡᠷ ᠲᠤ ᠮᠠᠷᠳᠠᠬᠰᠠᠨ ᠤᠷᠭᠠ ᠥᠰᠭᠦ ᠡᠪᠡᠰᠤᠨ ᠳᠤ ᠨᠢᠭᠤᠬᠳᠠᠵᠦ | ᠪᠠᠷᠢᠮ ᠵᠠᠢ ᠳᠤ ᠬᠡᠨᠡᠤᠡᠳᠠᠬᠡᠨ ᠨᠠᠷᠨ ᠪᠤᠯᠳᠠᠰᠬᠢᠨ ᠭᠠᠷᠤᠭᠠᠤᠨ᠂᠂᠂᠂᠂᠂᠂ | ᠲᠡᠬᠢᠯᠭᠠᠳᠤ ᠤᠪᠤᠭᠠ ᠶᠢᠨ ᠪᠤᠷᠤᠭᠠ ᠲᠠᠨ ᠤ ᠳᠤ ᠮᠡᠨ ᠤ ᠳᠤ ᠵᠢᠷᠭᠠᠵᠦ | ᠲᠡᠭᠷᠢ ᠶᠢ ᠵᠢᠷᠤᠪᠡᠯ ᠨᠤᠴᠤᠮᠠᠷ ᠭᠠᠨᠭ᠌ ᠢᠡᠭᠬᠢᠵᠦ ᠲᠠᠶᠢᠯᠤᠬᠳᠠᠪᠠ | ᠲᠠᠭᠠᠬᠢᠳᠤ ᠲᠠᠭᠠ ᠲᠠᠢ ᠲᠠᠯᠢᠭᠦᠥ ᠭᠥᠥ ᠲᠤᠷᠠᠰᠤᠯ ᠳᠤ ᠪᠤᠷᠤᠭᠠᠨ ᠲᠠᠢ ᠥᠯᠡᠳᠠᠵᠦ | ᠲᠠᠪᠤᠨ ᠵᠠᠭᠤ ᠠᠷᠪᠡᠨ ᠬᠤᠶᠠᠷ ᠲᠤ ᠥᠵᠤᠭᠦᠯᠡᠵᠦ ᠪᠠᠶᠢᠬᠤ ᠨᠢ ᠰᠤᠨᠤᠰᠳᠠᠪᠠ ᠡ᠃ | ︵︽ᠥᠨᠢᠷ ᠴᠠᠴᠡᠭ︾ ᠰᠠᠤᠡᠭᠦᠯ ᠤᠨ 2018 ᠤᠨ | ᠤ3 ᠳ᠋ᠤᠭᠠᠷ ᠬᠤᠭᠤᠴᠠᠭᠠ ᠠᠴᠠ ᠰᠤᠩᠭᠤᠪᠠ︶ | |