ᠬᠤᠠ ᠴᠠᠭᠠᠠ ᠬᠤᠷᠠᠭ᠎ᠠ
ᠨᠡᠶᠢᠲᠡᠯᠡᠭᠰᠡᠨ ᠴᠠᠭ᠄
2018/5/17
ᠯᠣᠪᠰᠠᠩᠪᠠᠯᠳᠠᠠ ᠤ ᠰᠦᠮᠪᠦᠷ                          ᠬᠤᠠ ᠴᠠᠭᠠᠠ ᠬᠤᠷᠠᠭ᠎ᠠ             ᠶᠠᠮᠠᠷ ᠰᠠᠶᠢᠬᠠᠠ  ᠡᠳᠦᠷ ᠪᠤᠢ᠂  ᠨᠠᠯᠠᠭᠠᠷ ᠨᠠᠮᠤᠷ ᠬᠡᠳᠡᠭ ᠨᠢ ᠡᠶᠢᠮᠦ ᠯᠡ ᠰᠠᠶᠢᠬᠠᠠ ᠨᠠᠷᠠ ᠲᠠᠢ ᠡᠳᠦᠷ ᠤᠳ  ᠢ ᠬᠡᠯᠡᠳᠡᠭ ᠪᠠᠶᠢᠬ᠎ᠠ ᠳ᠋ᠠ᠃       ᠬᠡᠪᠡᠴᠦ ᠡᠨᠠ ᠲᠡᠮᠦᠷ ᠬᠠᠰᠢᠶ᠎ᠠ  ᠳᠠᠩᠴᠦ  ᠭᠦᠢᠳᠡᠡ᠂ ᠵᠡᠷᠢᠮ ᠳᠠᠭᠠᠨ  ᠪᠦᠷ ᠶᠠᠰᠦ ᠶᠠᠩᠭᠢᠨᠠᠬᠤ ᠶᠤᠮ᠃ ᠠᠳᠡ ᠴᠢᠰᠦᠠ ᠤ ᠦᠨᠦᠷ ᠦᠨᠦᠷᠳᠦᠵᠦ᠂ ᠡᠷᠢᠶᠡᠡ ᠮᠡᠷᠢᠶᠡᠡ ᠢᠶᠠᠷ  ᠬᠠᠰᠭᠢᠷᠴᠦ  ᠵᠠᠭᠢᠨᠠᠭᠰᠠᠠ ᠶᠢᠰᠦᠠ ᠵᠦᠢᠯ ᠤᠨ ᠬᠦᠮᠦᠠ ᠵᠦᠷᠢᠯᠳᠦᠬᠦ ᠶᠤᠮ᠃  ᠲᠡᠷᠭᠡᠠ ᠤ ᠬᠢᠨᠢ ᠲᠠᠭᠤ  ᠬᠡᠵᠦ  ᠠᠶᠤᠮᠠᠷ ᠡ᠂ᠴᠢᠭᠢ ᠲᠦᠯᠡᠶᠢᠷᠡᠮᠡᠷ  ᠃ ᠵᠣ ᠲᠡᠭᠡᠷ᠎ᠡ ᠮᠢᠨᠢ ᠲᠠᠷᠤᠭᠠᠳ ︽ᠬᠡᠳᠦᠢ ᠮᠢᠬ᠎ᠠ ᠭᠠᠷᠬᠤ ᠪᠤᠢ︖︾ ᠬᠡᠬᠦ  ᠰᠢᠭ ᠶᠠᠭᠤᠮ᠎ᠠ ᠬᠤᠭᠤᠷᠤᠠᠳᠦ ᠪᠠᠨ ᠶᠠᠷᠢᠯᠴᠠᠬᠤ ᠶᠤᠮ᠃ ᠲᠣᠩᠭᠤᠴᠠᠭᠠᠳ ᠲᠠᠪᠬᠢᠶ᠎ᠠ ᠭᠡᠵᠦ ᠪᠣᠳᠣᠪᠠᠴᠦ ᠮᠠᠰᠢ ᠵᠢᠬᠡᠶᠢᠭᠦᠦ  ᠬᠤᠷᠢᠭᠳᠠᠴᠢᠬᠠᠭᠰᠠᠠ ᠪᠣᠯᠬᠤᠷ ᠪᠠᠭ᠎ᠠ ᠰᠠᠭ᠎ᠠ ᠯᠡ ᠭᠦᠳᠡᠯᠭᠦ ᠠᠴᠠ ᠴᠠᠰᠢ ᠦᠭᠡᠢ  ᠃       ᠥᠨᠦᠭᠡᠳᠦᠷ  ᠬᠠᠮᠢᠭ᠎ᠠ ᠶᠢᠨ ᠬᠢ ᠶᠤᠮ ᠮᠡᠳᠡᠭᠦ ᠦᠭᠡᠢ᠂ ᠲᠠᠯ᠎ᠠ ᠨᠤᠳᠤᠭ ᠢᠶᠠᠨ ᠴᠢᠮᠡᠠ ᠶᠠᠪᠤᠬᠤ ᠬᠤᠨᠢᠠ ᠡᠷᠳᠡᠨᠢ ᠶᠢᠨ ᠦᠷ᠎ᠡ ᠰᠠᠳᠦ  ᠬᠡᠳᠦᠡ ᠠᠷᠪᠠ ᠪᠠᠷ ᠢᠶᠠᠨ ᠲᠡᠷᠡ ᠭᠡᠷ ︵ᠬᠦᠢᠳᠡᠠ ᠭᠦᠮᠦᠷᠭᠡ︶ ᠤᠷᠤᠭᠤ ᠤᠷᠤᠭᠠᠳ᠂ ᠲᠠᠮᠠᠢ  ᠴᠦ ᠤᠳᠠᠬᠤ ᠦᠭᠡᠢ ᠲᠤᠯᠤᠭᠠᠢ ᠰᠢᠭᠢᠷ᠎ᠠ ᠶᠢ ᠨᠢ ᠭᠠᠳᠠᠭ᠎ᠠ ᠰᠢᠳᠡᠴᠢᠬᠡᠭᠦ ᠶᠤᠮ᠃ ᠣᠳᠣ ᠮᠢᠨᠦ ᠡᠮᠦᠨ᠎ᠠ ᠠᠷᠪᠠᠠ ᠬᠡᠳᠦᠠ ᠬᠠᠰᠢᠶ᠎ᠠ ᠬᠤᠷᠠᠭ᠎ᠠ ᠪᠠᠶᠢᠨ᠎ᠠ᠃  ᠬᠠᠮᠤᠭ ᠤᠨ ᠡᠮᠦᠨᠡᠭᠢ ᠨᠢ ᠭᠦᠢᠳᠡᠠ ᠬᠦᠮᠦᠷᠭᠡ ᠤᠷᠤᠭᠤ ᠣᠷᠣᠬᠤ  ᠪᠠᠷ ᠳᠠᠷᠠᠭ᠎ᠠ ᠶᠢᠨ ᠬᠢᠨᠢ ᠰᠢᠯᠪᠦᠷᠳᠡᠵᠦ ᠳᠠᠭᠤᠭᠠᠳ  ᠳᠠᠪᠰᠢᠭᠤᠯᠣᠭᠠᠳ ᠯᠡ ᠪᠠᠶᠢᠬᠤ ᠶᠤᠮ᠃ ᠨᠢᠭᠡ ᠯᠡ ᠦᠭᠡ ᠪᠠᠷ ᠬᠡᠯᠡᠪᠡᠯ ᠬᠤᠷᠤᠭ᠎ᠠ ᠰᠢᠯᠵᠢᠵᠦ ᠯᠡ  ᠪᠠᠶᠢᠪᠠᠯ ᠬᠤᠷᠸ᠎ᠠ ᠶᠢ ᠣᠷᠬᠢᠬᠤ ᠴᠠᠭ ᠮᠢᠨᠢ ᠦᠢᠷᠠᠳᠴᠦ ᠪᠠᠶᠢᠨ᠎ᠠ ᠭᠡᠰᠡᠠ ᠦᠭᠡ  ᠃      ᠡᠵᠡᠠ ᠠᠬ᠎ᠠ ᠪᠠᠨ ᠬᠠᠷᠠᠪᠠᠯ ᠨᠠᠯᠢᠶᠠᠳ ᠵᠠᠢ ᠲᠠᠢ ᠲᠣᠷᠣᠭᠰᠢ ᠪᠠᠨ ᠬᠠᠷᠠᠭᠠᠳ ᠲᠠᠮᠠᠭᠢ ᠪᠠᠨ ᠬᠦᠴᠦᠳᠠᠢ ᠰᠣᠷᠣᠭᠠᠳ ᠣᠳᠤᠭ᠎ᠠ ᠶᠢ ᠨᠢ ᠠᠭᠤᠰᠬᠢᠯᠠᠭᠠᠳ ᠭᠠᠷᠭᠠᠵᠦ ᠪᠠᠶᠢᠬᠤ ᠶᠤᠮ᠃      ᠮᠠᠭᠤ ᠡᠵᠢ  ᠮᠢᠨᠢ ᠲᠠᠯ᠎ᠠ ᠨᠤᠳᠤᠭ ᠳᠠᠭᠠᠨ ᠤᠯᠠᠠ ᠤ ᠪᠠᠨ ᠲᠤᠮᠳᠠ ᠶᠠᠪᠤᠭ᠎ᠠ ᠴᠦ ᠰᠡᠳᠬᠢᠯ ᠨᠢ ᠬᠡᠴᠢᠨᠡᠠ ᠬᠦᠠᠳᠦᠷᠯᠡᠵᠦ ᠪᠠᠶᠢᠭ᠎ᠠ ᠪᠣᠯ ᠳ᠋ᠠ︖ ᠥᠪᠡᠷ ᠳᠡᠭᠡᠨ  ᠯᠡ ᠭᠤᠮᠤᠳᠠᠵᠦ ︽ᠨᠠᠳᠠᠳᠦ ᠥᠬᠢᠠ ᠬᠤᠷᠠᠭ᠎ᠠ ᠵᠠᠶᠠᠭᠠᠴᠢᠬᠠᠵᠦ ᠪᠤᠯᠳᠠᠭ ᠦᠭᠡᠢ᠂ ᠲᠠᠩᠳᠠ ᠯᠡ ᠡᠷ᠎ᠡ ᠬᠤᠷᠠᠭ᠎ᠠ ᠵᠠᠶᠠᠭᠠᠵᠦ  ᠂ ᠨᠠᠮᠦᠷ ᠨᠠᠮᠦᠷ ᠤᠨ ᠬᠤᠳᠠᠯᠳᠣᠭᠠᠠ  ᠪᠠᠷ ᠡᠪᠦᠷ ᠮᠢᠨᠢ ᠬᠠᠩᠭᠠᠶᠢᠷᠠᠵᠦ᠂ ᠥᠷᠥ ᠵᠢᠷᠦᠬᠡ ᠮᠢᠨᠢ ᠥᠨᠥᠴᠢᠷᠡᠵᠦ ᠬᠤᠴᠤᠷᠠᠬᠤ ᠶᠤᠮ ᠡ᠃︾ ᠭᠡᠵᠦ  ᠪᠢᠳᠡᠭᠦᠬᠡᠠ ᠳᠡᠭᠡᠨ ᠨᠢᠯᠪᠤᠰᠦ ᠪᠠᠨ ᠲᠣᠳᠣᠭᠰᠢ ᠪᠠᠨ ᠵᠠᠯᠭᠢᠴᠢᠬᠠᠭᠠᠳ᠂ ᠥᠯᠥ ᠮᠠᠳᠡᠭᠴᠢ ᠪᠤᠯᠤᠠ ᠬᠠᠶᠠ ᠬᠠᠶᠠ ᠠᠯᠤᠰ ᠢ ᠬᠠᠷᠠᠭᠤᠯᠳᠠᠠ ᠵᠤᠭᠰᠦᠵᠦ ᠪᠠᠶᠢᠭ᠎ᠠ ᠳ᠋ᠠ᠃      ᠠᠳᠣᠭᠤᠰᠦ  ᠪᠢᠳᠠᠠ ᠤ ᠲᠠᠪᠢᠯᠠᠩ ᠪᠣᠯᠣᠭᠰᠠᠠ ᠬᠤᠶᠢᠨ᠎ᠠ ᠳ᠋ᠠ᠂ ᠬᠦᠦ ᠨᠢ ᠡᠵᠢ ᠳᠡᠭᠡᠨ ᠭᠤᠮᠤᠳᠠᠳᠠᠭ ᠦᠭᠡᠢ  ᠃ ᠮᠠᠭᠤ ᠡᠵᠡᠡ ᠤ ᠮᠢᠨᠢ ᠵᠠᠶᠠᠭ᠎ᠠ ᠥᠭᠡᠳᠡᠷᠡᠭ ᠯᠡ ᠪᠠᠶᠢᠪᠠᠯ ᠪᠤᠯᠬᠤ ᠨᠢ ᠲᠡᠷᠡ ᠡ︕      ᠬᠠᠪᠤᠷ ᠤᠨ ᠭᠤᠷᠪᠠᠠ ᠰᠠᠷ᠎ᠠ ᠶᠢᠨ  ᠰᠡᠪᠡᠯᠵᠡᠭᠦᠷ ᠰᠠᠯᠭᠢ   ᠲᠠᠢ ᠡᠳᠦᠷ  ᠂ ᠡᠵᠢ ᠮᠢᠨᠢ ᠢᠵᠢᠯᠢ ᠰᠦᠷᠦᠭ  ᠠᠴᠠ ᠪᠠᠨ ᠬᠤᠴᠣᠷᠠᠴᠢᠬᠠᠬᠤ ᠪᠤᠢ ᠭᠡᠵᠦ ᠡᠪᠡᠳᠬᠦ   ᠶᠢ ᠳᠡᠰᠪᠦᠷᠢᠯᠠᠠ᠂ ᠬᠡᠪᠳᠠᠠ ᠪᠤᠰᠤᠠ  ᠶᠠᠪᠤᠭᠰᠠᠭᠠᠷ ᠳᠠᠮᠠᠴᠢ  ᠶᠢᠨ ᠲᠠᠯ᠎ᠠ ᠶᠢᠨ ᠨᠦᠮᠦᠷᠢ ᠲᠠᠢ  ᠲᠣᠯᠠᠭᠠᠠ ᠪᠠᠭᠤᠴᠠᠠ ᠲᠡᠭᠡᠷ᠎ᠡ ᠨᠠᠮᠠᠢᠢ ᠭᠠᠷᠭᠠᠭᠰᠠᠠ᠂ ᠡᠨᠡ ᠨᠤᠳᠤᠭ ᠤᠨ ᠰᠠᠯᠭᠢ ᠲᠦᠷ ᠵᠤᠭᠰᠣᠵᠦ ᠭᠦᠯᠢᠶᠡᠵᠦ ᠠᠪᠤᠭᠰᠠᠠ ᠶᠤᠮ ᠭᠡᠩᠯᠠᠢ︕       ᠨᠠᠷᠠ ᠰᠠᠯᠭᠢᠠ ᠳᠤ ᠪᠣᠷᠣᠯᠠᠭᠰᠠᠠ ᠨᠠᠮᠬᠠᠠ ᠪᠣᠷᠤ ᠡᠵᠡᠠ  ᠮᠢᠨᠢ《ᠬᠦᠭᠰᠢᠠ ᠴᠠᠭᠠᠠ ᠬᠤᠨᠢᠠ ᠠᠴᠠ ᠮᠢᠨᠢ᠂ ᠬᠤᠠ ᠴᠠᠭᠠᠠ ᠬᠤᠷᠠᠭ᠎ᠠ  ᠭᠠᠷᠤᠭᠰᠠᠠ 》ᠭᠡᠵᠦ ᠡᠩᠭᠡᠷ ᠨᠢ ᠰᠡᠮᠡᠷᠡᠭᠰᠠᠠ ᠲᠠᠪᠠᠯ ᠳᠡᠭᠡᠨ ᠡᠪᠦᠷᠳᠦᠯᠡᠵᠦ ᠢᠷᠡᠭᠰᠡᠠ ᠭᠡᠳᠡᠭ᠃      ᠡᠵᠢ ᠮᠢᠨᠢ ᠨᠢᠯᠬ᠎ᠠ ᠨᠠᠮᠠᠢᠢ ᠪᠠᠨ  ᠤᠷᠭᠢᠭᠠᠳ ᠶᠠᠪᠤᠴᠢᠬᠠᠵᠦ ᠴᠢᠳᠠᠬᠤ ᠦᠭᠡᠢ᠃ ᠪᠠᠶᠢᠠ ᠪᠠᠶᠢᠠ ᠬᠤᠷᠤᠭ᠎ᠠ ᠣᠷᠣᠭᠤ ᠪᠠᠨ ᠳᠠᠪᠭᠢᠵᠦ ᠢᠷᠡᠭᠡᠳ᠂ ᠡᠵᠡᠠ ᠠᠬ᠎ᠠ ᠠᠭᠤᠷᠯᠠᠵᠦ᠄《 ᠴᠢ  ᠴᠢᠨᠢ ᠵᠦᠨᠦᠵᠦ ᠪᠠᠶᠢᠨ᠎ᠠ ᠦᠦ︖ ᠶᠠᠪᠤᠵᠦ ᠵᠢᠭᠠᠬᠠᠠ ᠶᠠᠭᠤᠮ᠎ᠠ ᠢᠳᠡᠬᠦ ᠦᠭᠡᠢ ᠶᠦ︖》 ᠭᠡᠵᠦ ᠲᠠᠭᠤᠭᠠᠳ᠂ ᠪᠢ ᠲᠠᠠᠳᠠ ᠨᠢ ᠲᠡᠭᠡᠷ᠎ᠡ ᠲᠡᠭᠡᠷ᠎ᠡ ᠲᠠᠭᠤ ᠪᠠᠷ ᠮᠠᠶᠢᠯᠠᠭᠠᠳ᠂ ᠡᠶᠢᠮᠦᠷᠬᠦ ᠡᠳᠦᠷ ᠤᠳ ᠬᠡᠳᠦᠨ ᠬᠤᠨᠤᠭ ᠦᠷᠭᠦᠯᠵᠢᠯᠡᠭᠰᠡᠨ᠂ ᠤᠷᠤᠢ ᠪᠤᠯᠬᠤ   ᠶᠢ ᠪᠢ ᠳᠡᠰᠦᠠ ᠶᠠᠳᠠᠨ ᠬᠦᠯᠢᠶᠡᠵᠦ᠂ ᠡᠵᠢ ᠮᠢᠨᠢ ᠨᠠᠳᠠ   ᠳᠠᠭᠠᠨ  ᠶᠠᠭᠠᠷᠠᠠ ᠬᠠᠮᠤᠭ ᠤᠨ ᠲᠦᠷᠦᠭᠦᠠ ᠳᠤ ᠳᠠᠪᠬᠢᠵᠦ ᠢᠷᠡᠬᠡᠳ᠂ ᠬᠠᠰᠢᠶᠠᠠ ᠤ ᠨᠠᠭᠠᠨ᠎ᠠ ᠴᠠᠭᠠᠨ᠎ᠠ ᠠᠴᠠ ᠪᠡᠶ᠎ᠡ ᠪᠡᠶ᠎ᠡ ᠤᠷᠤᠭᠤ ᠪᠠᠨ ᠲᠡᠮᠡᠦᠯᠡᠵᠦ ᠪᠠᠶᠢᠭᠠᠳ ᠬᠦᠬᠦ ᠪᠠᠨ ᠬᠦᠬᠦᠬᠦ ᠳᠤ᠂ ᠡᠵᠢ ᠡᠳᠦᠷᠵᠢᠠ ᠲᠡᠭᠦᠵᠦ ᠢᠳᠡᠭᠰᠡᠠ ᠠᠯᠢ ᠯᠡ ᠰᠢᠮ᠎ᠡ ᠲᠠᠢ ᠪᠠᠨ ᠭᠠᠷᠭᠠᠵᠦ ᠭᠢᠪᠢᠭᠡᠳ᠂ ᠡᠭᠡ ᠶᠢᠨ ᠴᠠᠭᠠᠠ ᠰᠦ᠂ ᠡᠨᠡᠷᠢᠯ ᠬᠠᠶᠢᠷ᠎ᠠ ᠲᠠᠢ ᠪᠠᠨ ᠨᠠᠳᠠᠳᠦ ᠰᠢᠩᠭᠡᠵᠦ ᠪᠢ ᠡᠳᠦᠷ ᠲᠤᠭᠠᠯᠠᠠ ᠥᠰᠥᠭᠰᠡᠭᠡᠷ ᠲᠠᠮᠡᠢ ᠴᠦ ᠣᠳᠠᠯ ᠦᠭᠡᠢ ᠠᠬ᠎ᠠ ᠨᠠᠷ   ᠠᠴᠠ ᠪᠠᠨ ᠲᠤᠮᠦ ᠪᠤᠯᠤᠭᠰᠠᠠ ᠳ᠋ᠠ  ᠃       ᠡᠵᠡᠠ ᠠᠬ᠎ᠠ ᠮᠢᠨᠢ ᠨᠠᠳᠠᠳᠦ ᠶᠤᠰᠤᠳᠠᠢ ᠶᠡᠭᠡ ᠬᠠᠶᠢᠷ᠎ᠠ ᠲᠠᠢ᠂ ᠲᠡᠷᠡ ᠤᠯᠠᠠ ᠬᠤᠷᠠᠭᠠᠠ ᠲᠤᠮᠳᠠ ᠠᠴᠠ ᠨᠠᠳᠠ ᠶᠢ ᠯᠡ ᠲᠠᠪᠠᠷᠢᠵᠦ ᠠᠪᠤᠭᠠᠳ ᠬᠤᠩᠰᠢᠶᠠᠷ ᠢ ᠮᠢᠨᠢ ᠦᠨᠦᠰᠦᠨ᠎ᠠ᠃ ᠡᠪᠡᠰᠦ ᠦᠭᠬᠦ ᠪᠠᠷ ᠢᠷᠡᠬᠦ ᠪᠤᠯᠭᠠᠠ  ᠳᠠᠭᠠᠨ ᠯᠡ ᠨᠠᠮᠠᠢᠢ ᠪᠠᠷᠢᠵᠦ ᠡᠩᠬᠦᠷᠡᠶᠢᠯᠡᠨ᠎ᠡ᠃ ᠬᠦᠢᠳᠡᠠ ᠡᠳᠦᠷ ᠪᠤᠯᠪᠠᠯ ᠪᠠᠶᠢᠠ ᠪᠠᠶᠢᠠ ᠪᠢᠳᠡᠠ ᠢ ᠢᠷᠡᠵᠦ ᠦᠵᠡᠨ᠎ᠠ ᠃ ᠰᠢᠭᠤᠷᠭᠠᠠ ᠲᠠᠢ ᠰᠦᠨᠢ ᠲᠠᠭᠠᠷᠠᠪᠠᠯ ᠪᠢᠳᠠᠠ ᠢ ᠲᠠᠷᠤᠭᠳᠠᠴᠢᠬᠠᠬᠤ  ᠪᠤᠢ ᠭᠡᠰᠡᠠ ᠳᠡᠭᠡᠨ ᠪᠠᠶᠢᠠ ᠪᠠᠶᠢᠠ ᠢᠷᠡᠵᠦ ᠡᠷᠭᠢᠨ᠎ᠡ᠃       ᠡᠵᠢ ᠮᠢᠨᠢ ᠨᠠᠮᠠᠢᠢ ᠶᠡᠭᠡ ᠬᠠᠷᠠᠮᠨᠠᠨ᠎ᠠ᠃ ᠬᠤᠳᠠᠴᠢ ᠨᠤᠬᠠᠢ ᠠᠴᠠ ᠬᠠᠷᠠᠮᠨᠠᠨ᠎ᠠ᠃ ᠬᠤᠷᠠᠭ᠎ᠠ ᠡᠵᠡ ᠲᠠᠢ ᠮᠦᠷᠭᠦᠳᠡᠭ ᠮᠣᠬᠤᠷ ᠢᠮᠠᠭ᠎ᠠ ᠠᠴᠠ ᠬᠠᠷᠠᠮᠨᠠᠨ᠎ᠠ᠃ ᠡᠳᠡ ᠬᠤᠶᠠᠷ ᠨᠠᠳᠠ ᠣᠷᠣᠭᠤ ᠦᠢᠷᠠᠳᠪᠠᠯ ᠬᠠᠷ᠎ᠠ ᠬᠦᠴᠦ ᠪᠠᠷ  ᠢᠶᠠᠨ ᠲᠠᠭᠠᠷᠢᠵᠦ ᠮᠦᠷᠬᠦᠨ᠎ᠡ᠃ ᠲᠡᠭᠡᠭᠰᠡᠭᠡᠷ ᠪᠠᠶᠢᠵᠦ ᠲᠠᠳᠠᠨᠠᠷ ᠨᠠᠳᠠ ᠠᠴᠠ ᠬᠤᠯᠠᠭᠤᠷ ᠶᠠᠪᠤᠳᠠᠭ ᠪᠤᠯᠤᠭᠰᠠᠠ᠃ ᠡᠵᠢ ᠶᠢᠨ ᠨᠢᠳᠦ ᠲᠡᠭᠡᠳᠡᠯ᠎ᠡ ᠪᠠᠨ ᠰᠢᠷᠦᠭᠦᠠ ᠪᠤᠯᠳᠠᠭ ᠢ  ᠲᠡᠷᠡ ᠯᠡ ᠣᠳᠠᠭ᠎ᠠ ᠳᠤ ᠬᠠᠷᠠᠭᠰᠠᠠ ᠶᠤᠮ  ᠃       ᠨᠢᠭᠡ ᠣᠳᠠᠭ᠎ᠠ ᠦᠭᠢᠠ ᠬᠤᠷᠠᠭ᠎ᠠ ᠤᠳ ᠢ ᠳᠡᠭᠦᠵᠦ ᠭᠠᠷᠭᠠᠠ ᠪᠢᠳᠡᠠ ᠢ ᠦᠯᠡᠳᠡᠭᠡᠭᠡᠳ᠂ ᠲᠦᠷᠪᠡᠠ ᠬᠦᠯ ᠢ ᠳᠡᠭᠡᠭᠰᠢ ᠬᠠᠷᠠᠭᠤᠯᠵᠦ ᠪᠠᠷᠢᠭᠠᠳ᠂  ᠪᠠᠷᠠᠭᠤᠠ‌ᠠᠶᠢᠯ ᠤᠨ ᠪᠠᠷᠠᠭᠠᠷ ᠠᠬ᠎ᠠ ᠪᠦᠬᠡᠰᠦᠬᠡᠢ ᠶᠢ ᠮᠢᠨᠢ ᠰᠣᠭᠤᠯᠣᠭᠰᠠᠠ᠂ ᠠ  ᠂᠂᠂  ᠡᠪᠡᠳᠦᠭᠰᠡᠠ ᠢ ᠨᠢ ᠬᠡᠯᠡᠬᠦ ᠶᠢᠨ ᠠᠷᠭ᠎ᠠ ᠦᠭᠡᠢ᠃ ᠪᠢ ᠪᠦᠬᠦᠯᠢ ᠡᠳᠦᠷᠵᠢᠠ ᠪᠠᠨ ᠬᠡᠪᠳᠡᠭᠰᠡᠠ᠃ ᠬᠠᠶᠠ ᠨᠢᠭᠡ ᠪᠣᠷᠭᠠᠰᠤᠠ ᠮᠤᠷᠢ ᠲᠠᠢ ᠬᠦᠦ ᠢᠷᠡᠵᠦ ᠪᠤᠰᠬᠠᠨ᠎ᠠ᠃ ᠪᠣᠴᠠᠬᠤ ᠪᠠᠷ ᠨᠢ ᠬᠡᠪᠳᠡᠭᠡᠳ ᠯᠡ ᠪᠠᠶᠢᠭᠰᠠᠠ᠃ ᠣᠷᠣᠢ ᠡᠵᠢ ᠪᠠᠨ ᠦᠵᠡᠵᠦ ᠲᠣᠳᠣᠷ᠎ᠠ ᠵᠢᠭᠠᠬᠠᠠ ᠠᠭᠤᠵᠢᠷᠠᠬᠤ ᠰᠢᠭ ᠪᠣᠯᠵᠦ᠂ ᠬᠦᠬᠦ  ᠪᠠᠨ‌‍ᠬᠦ᠋ᠬᠦᠬᠦ   ᠳᠤ ᠡᠪᠡᠳᠬᠦ ᠨᠢ ᠨᠠᠮᠳᠠᠠ ᠨᠠᠮᠳᠠᠭᠰᠠᠭᠠᠷ ᠰᠡᠭᠦᠯ ᠳᠡᠭᠡᠨ ᠬᠠᠷᠢᠠ ᠭᠠᠭᠤᠢ ᠪᠣᠯᠣᠭᠰᠠᠠ  ᠃ ᠳᠡᠭᠡᠭᠦ ᠳᠤ ᠪᠢ ᠡᠵᠢ ᠶᠢᠨ ᠪᠠᠨ ᠰᠦ ᠶᠢ ᠡᠮ  ᠲᠠᠢ ᠭᠡᠳᠡᠭ ᠢ  ᠦᠨᠠᠠᠭᠦ ᠮᠡᠳᠡᠷᠡᠭᠰᠡᠠ ᠶᠣᠮ  ᠃       ᠬᠡᠷᠡᠮ ᠲᠠᠭᠠᠭᠤᠯᠤᠠ ᠲᠠᠷᠢᠭᠰᠠᠠ ᠮᠣᠳᠣᠠ ᠤ ᠨᠠᠪᠴᠢ ᠥᠯᠥ ᠮᠡᠳᠡᠭᠭᠡᠠ ᠰᠢᠷᠭᠠᠯᠳᠣᠵᠦ ᠰᠠᠯᠭᠢᠠ ᠤ ᠠᠶ᠎ᠠ ᠪᠠᠷ ᠱᠠᠷᠴᠢᠭᠢᠨᠠᠨ᠎ᠠ᠃ ᠲᠠᠮᠤᠷ ᠬᠠᠰᠢᠶᠠᠠ ᠲᠤᠳᠤᠷ᠎ᠠ ᠬᠤᠷᠠᠭ᠎ᠠ ᠤᠳ ᠥᠪᠡᠷ ᠥᠪᠡᠷ ᠤᠨ ᠪᠤᠳᠤᠯ ᠢᠶᠠᠨ ᠡᠰᠭᠡᠵᠦ ᠵᠣᠭᠰᠣᠴᠠᠭᠠᠨ᠎ᠠ᠃         ᠵᠠᠷᠢᠮ ᠨᠢ ᠡᠵᠡᠠ ᠳᠡᠭᠡᠨ  ᠭᠤᠮᠤᠳᠠᠵᠦ  ᠄ ︽ᠠᠷᠠᠢ ᠴᠦ  ᠳ᠋ᠧ᠂ ᠬᠠᠭᠠᠰᠬᠠᠠ ᠵᠢᠯ ᠤᠨ ᠨᠠᠰᠦ ᠲᠠᠢ  ᠪᠠᠶᠢᠯᠭᠠᠨ᠎ᠠ  ᠭᠡᠵᠦ᠂ ᠶᠠᠳᠠᠵᠦ ᠨᠢᠭᠡ  ᠮᠣᠩᠭᠤᠯ ᠨᠣᠳᠤᠭ ᠤᠨ ᠲᠦᠷᠪᠡᠠ ᠤᠯᠠᠷᠢᠯ ᠢ ᠨᠢ ᠪᠦᠬᠦᠯᠢ ᠨᠢᠭᠡ ᠲᠣᠭᠤᠯᠣᠭᠰᠠᠠ ᠪᠤᠯ ᠳ᠋ᠣᠣ 》ᠭᠡᠵᠦ ᠨᠢᠯᠪᠤᠰᠦ ᠤᠨᠠᠭᠠᠵᠦ ᠪᠠᠶᠢᠬᠤ ᠳᠤ ᠵᠠᠷᠢᠮ ᠨᠢ  ︽ᠨᠣᠳᠤᠭ ᠪᠡᠯᠴᠢᠭᠡᠷ ᠲᠠᠴᠢᠷᠰᠢᠵᠦ᠂ ᠪᠡᠯᠴᠢᠭᠡᠷ ᠣᠰᠦ ᠨᠢ ᠲᠣᠳᠠᠭᠳᠠᠵᠦ ᠪᠠᠶᠢᠭ᠎ᠠ ᠶᠣᠮ ᠴᠢᠨᠢ ᠪᠢᠳᠡ ᠴᠦ ᠶᠠᠭᠠᠬᠢᠬᠤᠪ᠂ ᠬᠤᠶᠢᠨ᠎ᠠ ᠠᠴᠠ  ᠣᠷᠭᠤᠵᠦ  ᠭᠠᠷᠣᠨ᠎ᠠ︾ ᠭᠡᠵᠦ ᠠᠭᠤᠵᠢᠭᠤ ᠰᠡᠳᠬᠢᠨ᠎ᠠ᠃ ᠵᠠᠷᠢᠮ ᠨᠢ ᠮᠦᠩᠭᠦᠠ ᠳᠤ ᠰᠢᠨᠤᠯ᠎ᠠ  ᠭᠡᠵᠦ ᠡᠵᠡᠡ  ᠳᠡᠭᠡᠨ ᠭᠤᠮᠣᠳᠠᠨ᠎ᠠ᠃ ᠵᠠᠷᠢᠮ ᠨᠢ  ᠥᠷᠢ ᠰᠢᠷᠢ ᠠᠴᠠ ᠪᠠᠨ ᠭᠠᠷᠪᠠᠯ ᠪᠤᠯᠵᠦ ᠳ᠋ᠠ ᠭᠡᠵᠦ ᠵᠠᠯᠪᠠᠷᠢᠨ᠎ᠠ᠃ ᠪᠣᠳᠣᠯ ᠭᠡᠳᠡᠭ ᠨᠢ ᠨᠢᠳᠦᠠ ᠳᠤ ᠬᠠᠷᠠᠭᠳᠠᠳᠠᠭ ᠪᠠᠶᠢᠭᠰᠠᠠ ᠪᠤᠯ ᠡᠨᠠ ᠬᠠᠰᠢᠶ᠎ᠠ ᠬᠡᠳᠦ ᠪᠢᠯᠬᠠᠬᠤ   ᠶᠢ ᠲᠥᠰᠥᠭᠡᠯᠡᠭᠦ ᠶᠢᠨ ᠠᠷᠭ᠎ᠠ ᠦᠬᠡᠢ᠃       ᠡᠨᠡ  ᠲᠡᠷᠡ ᠶᠢ ᠡᠷᠭᠢᠴᠡᠭᠦᠯᠦᠠ ᠪᠤᠳᠤᠵᠦ ᠪᠠᠶᠢᠭᠰᠠᠭᠠᠷ ᠨᠢᠭᠡ ᠮᠡᠳᠡᠭᠦ ᠳᠤ ᠵᠡᠭᠦᠷᠮᠡᠭᠯᠡᠭᠡᠳ ᠠᠪᠴᠠᠢ᠃ ᠨᠤᠳᠤᠭ ᠤᠨ ᠵᠤᠠ ᠤᠯᠠᠠ ᠤ ᠰᠦᠰᠦᠭᠯᠠᠠ ᠵᠠᠯᠪᠠᠷᠢᠳᠠᠭ ᠤᠪᠤᠭᠠᠠ ᠳᠠᠭᠢᠯᠭ᠎ᠠ ᠶᠢᠨ ᠨᠠᠭᠠᠳᠤᠮ ᠳᠡᠭᠡᠷ᠎ᠡ ᠲᠣᠮᠦ ᠢᠷᠭᠡ ᠪᠣᠯᠴᠢᠬᠠᠭᠰᠠᠠ ᠬᠠᠳᠠᠭ ᠰᠠᠮᠪᠠᠢ ᠬᠦᠵᠦᠬᠦᠠ ᠳᠡᠭᠡᠨ ᠵᠡᠭᠦᠵᠦ  ᠂ ᠰᠢᠷ᠎ᠠ ᠲᠤᠰᠦ ᠪᠠᠷ ᠲᠤᠯᠤᠭᠠᠢ ᠪᠠᠨ  ᠮᠢᠯᠢᠶᠠᠯᠭᠠᠵᠦ  ᠂ ᠤᠷᠭᠤᠬᠤ ᠶᠢᠨ ᠤᠯᠠᠭᠠᠠ ᠨᠠᠷᠠᠠ ᠢᠶᠠᠷ ᠰᠡᠳᠡᠷᠯᠡᠭᠦᠯᠵᠦ  ᠪᠠᠶᠢᠬᠤ ᠶᠢᠨ ᠳ᠋ᠠ᠃ ᠦᠯᠢᠶᠡᠭᠦ ᠰᠠᠯᠭᠢᠠ ᠳᠤ ᠦᠰᠦ ᠨᠤᠤᠰᠦ ᠪᠠᠨ ᠬᠡᠶᠢᠰᠭᠡᠵᠦ᠂ ᠠᠯᠣᠰ ᠳᠤ ᠴᠡᠩᠬᠡᠷᠳᠦᠬᠦ  ᠠᠭᠤᠯᠠᠰ ᠤᠨ ᠲᠣᠮᠳᠠ ᠠᠴᠠ ᠪᠠᠷ᠎ᠠ ᠪᠠᠷ᠎ᠠ ᠪᠠᠨ ᠬᠠᠷᠠᠭᠰᠠᠠ ᠤᠪᠤᠭ᠎ᠠ ᠨᠤᠭᠤᠳ ᠢ ᠨᠢ ᠬᠠᠶᠢᠵᠦ ᠪᠠᠶᠢᠳᠠᠯ᠎ᠠ ᠡᠭᠦᠳᠠ ᠬᠠᠷᠴᠢᠭᠢᠨᠠᠠ ᠲᠣᠣᠭᠠᠷᠴᠦ᠂ ᠰᠢᠯᠪᠣᠷᠳᠡᠵᠦ ᠲᠠᠭᠤᠭᠠᠳ ᠪᠠᠰᠠ  ᠨᠢᠭᠡ ᠬᠤᠷᠤᠭ᠎ᠠ ᠰᠢᠯᠵᠢᠪᠠ᠃        ᠨᠠᠯᠠᠢᠭᠰᠠᠠ ᠲᠣᠩᠭᠠᠯᠠᠭ ᠪᠠᠶᠢᠯ᠎ᠠ ᠴᠦ ᠲᠡᠭᠷᠢ ᠶᠢᠨ ᠬᠠᠶᠠᠭ᠎ᠠ ᠣᠨᠢᠶᠠᠷ ᠲᠠᠢ ᠡᠳᠦᠷ ᠪᠠᠶᠢᠯ᠎ᠠ᠃                                                                                                                            2018.3.15                                                              ᠡᠷᠢᠶᠡᠠ ᠬᠤᠳᠠᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号