ᠦᠵᠡᠰᠬᠦᠯᠡᠩᠲᠦ ᠭᠤᠨᠢᠭ
ᠨᠡᠶᠢᠲᠡᠯᠡᠭᠰᠡᠨ ᠴᠠᠭ᠄
2018/7/11
       ᠦᠵᠡᠰᠬᠦᠯᠡᠩᠲᠦ ᠭᠤᠨᠢᠭ                                               ᠵᠠᠶᠠᠭᠠᠲᠦ   ᠨᠠᠷᠠ ᠲᠠᠢ ᠪᠤᠷᠤᠭᠠᠨ ᠢᠶᠠᠷ ᠰᠤᠯᠤᠩᠭ᠎ᠠ ᠨᠦᠮᠦᠷᠴᠦ ᠨᠤᠷᠬᠤ ᠪᠤᠲᠤᠯ ᠳᠤ ᠨᠤᠶᠢᠳᠠᠨ ᠰᠤᠯᠤᠩᠭᠠᠨ ᠤ ᠦᠵᠦᠬᠦᠷ ᠠᠳᠬᠤᠵᠦ ᠴᠢ ᠪᠢᠳᠠ ᠬᠤᠶᠠᠷ ᠦᠬᠡᠳᠡ ᠦᠬᠡᠳᠡ ᠠᠴᠠ ᠪᠠᠨ ᠤᠷᠤᠰᠬᠤ᠂᠂᠂᠂᠂   ᠬᠠᠯᠳᠠᠷ ᠰᠤᠭᠤ ᠮᠠᠨᠠᠨ ᠲᠦᠷᠦᠬᠡᠯᠡᠵᠦ ᠲᠦᠰᠦᠬᠦᠶᠢᠳᠡᠬᠡᠳ ᠬᠡᠪᠡᠯᠢ ᠪᠠᠨ ᠦᠨᠦᠷᠯᠡᠨ ᠢᠴᠢᠩᠭᠦᠶᠢᠷᠡᠬᠦ ᠲᠡᠷᠡ ᠯᠡ ᠬᠤᠷᠤᠮ ᠳᠤ ᠬᠠᠷᠠᠴᠠ ᠬᠠᠷᠠᠴᠠ ᠠᠴᠠ ᠪᠠᠨ ᠵᠢᠭᠤᠳᠠᠬᠰᠠᠨ ᠬᠤᠶᠠᠷ ᠤᠷᠤᠭᠤᠯ ᠤᠷᠤᠭᠤᠯ ᠢᠶᠠᠷ ᠢᠶᠠᠨ ᠠᠭᠤᠰᠤᠯᠴᠠᠬᠤ᠂᠂᠂᠂   ᠰᠠᠷᠠ ᠲᠠᠢ ᠰᠦᠨᠢ ᠬᠡᠷᠡᠯ ᠬᠤᠷᠢᠶᠠᠵᠦ ᠵᠡᠬᠦᠳᠡᠯᠡᠬᠦ ᠳᠤ   ᠬᠡᠷᠡᠯᠲᠠᠢ ᠵᠡᠬᠦᠳᠦᠨ ᠤ ᠬᠤᠶᠢᠮᠤᠷ ᠲᠤ ᠴᠢ ᠪᠢᠳᠠ ᠬᠤᠶᠠᠷ ᠦᠬᠡᠲᠡ ᠦᠬᠡᠳᠡ ᠠᠴᠠ ᠪᠠᠨ ᠤᠷᠤᠰᠬᠤ᠂᠂᠂᠂᠂᠂ ᠴᠠᠭᠠᠨ ᠠᠭᠤᠯᠠ ᠴᠡᠴᠡᠭ ᠤᠨ ᠰᠢᠬᠦᠳᠡᠷᠢ ᠶᠢ ᠴᠠᠩᠭᠠᠬᠰᠠᠨ ᠡᠷᠪᠡᠬᠡᠢ ᠵᠠᠯᠬᠢᠬᠤ ᠮᠡᠲᠦ ᠵᠢᠷᠭᠠᠯ ᠲᠤᠮᠳᠠ ᠡᠪᠡᠰᠦᠨ ᠤ ᠲᠤᠳᠠᠭᠤ ᠶᠢ ᠬᠡᠵᠢᠬᠡ ᠪᠠᠷ ᠢᠶᠠᠨ ᠲᠦᠯᠦᠭᠰᠡᠨ ᠬᠤᠶᠠᠷ  ᠪᠡᠶ᠎ᠡ ᠪᠡᠶ᠎ᠡ ᠳᠡᠭᠡᠨ ᠦᠷᠢᠲᠦᠬᠦ᠂᠂᠂᠂᠂᠂     ᠴᠠᠭ ᠤᠨ ᠡᠷᠬᠡ ᠪᠠᠷ ᠰᠠᠶᠢᠬᠠᠨ ᠲᠠᠭᠤᠤ ᠴᠦ ᠮᠠᠷᠲᠠᠬᠲᠠᠬᠤ ᠮᠷᠲᠠᠬᠲᠠᠬᠰᠠᠨ ᠲᠠᠭᠤᠨ ᠤ ᠰᠠᠶᠢᠬᠠᠨ ᠠᠶᠠᠯᠭᠤ ᠮᠡᠲᠦ ᠴᠢ ᠪᠢᠳᠠ ᠬᠤᠶᠠᠷ ᠲᠡᠷᠡ ᠯᠡ ᠮᠦᠴᠡ ᠪᠠᠨ ᠵᠡᠷᠬᠡ ᠲᠤᠷᠠᠰᠬᠤ᠂᠂᠂᠂᠂   ᠵᠡᠬᠡᠷ᠎ᠡ ᠬᠦᠷᠦᠬᠡᠰᠦᠨ ᠰᠢᠷᠭᠠᠯᠲᠤᠬᠤ ᠨᠠᠮᠤᠷ ᠤᠨ ᠲᠠᠯ᠎ᠠ ᠮᠡᠲᠦ ᠮᠦᠷᠦᠬᠡᠲᠦᠯ ᠬᠢᠬᠡᠳ ᠲᠤᠷᠠᠰᠤᠮᠵᠢ ᠶᠢᠨ ᠠᠯᠠᠭᠠᠨ ᠲᠡᠬᠡᠷ᠎ᠡ  ᠵᠡᠬᠡᠷ᠎ᠡ ᠶᠢᠨ ᠬᠤᠤᠰ ᠱᠠᠭ᠎ᠠ ᠮᠤᠷᠢ ᠪᠠᠭᠤᠬᠤ ᠳᠤ ᠨᠢᠬᠡ ᠨᠢ ᠡᠵᠡᠨ ᠦᠬᠡᠢ ᠪᠠᠶᠢᠬᠤ᠂᠂᠂᠂᠂᠂᠂᠂᠂᠂  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号