ᠦᠵᠡᠰᠬᠦᠯᠡᠩᠲᠦ ᠭᠤᠨᠢᠭ | ᠵᠠᠶᠠᠭᠠᠲᠦ | ᠨᠠᠷᠠ ᠲᠠᠢ ᠪᠤᠷᠤᠭᠠᠨ ᠢᠶᠠᠷ ᠰᠤᠯᠤᠩᠭ᠎ᠠ ᠨᠦᠮᠦᠷᠴᠦ ᠨᠤᠷᠬᠤ ᠪᠤᠲᠤᠯ ᠳᠤ | ᠨᠤᠶᠢᠳᠠᠨ ᠰᠤᠯᠤᠩᠭᠠᠨ ᠤ ᠦᠵᠦᠬᠦᠷ ᠠᠳᠬᠤᠵᠦ ᠴᠢ ᠪᠢᠳᠠ ᠬᠤᠶᠠᠷ | ᠦᠬᠡᠳᠡ ᠦᠬᠡᠳᠡ ᠠᠴᠠ ᠪᠠᠨ ᠤᠷᠤᠰᠬᠤ᠂᠂᠂᠂᠂ | ᠬᠠᠯᠳᠠᠷ ᠰᠤᠭᠤ ᠮᠠᠨᠠᠨ ᠲᠦᠷᠦᠬᠡᠯᠡᠵᠦ ᠲᠦᠰᠦᠬᠦᠶᠢᠳᠡᠬᠡᠳ | ᠬᠡᠪᠡᠯᠢ ᠪᠠᠨ ᠦᠨᠦᠷᠯᠡᠨ ᠢᠴᠢᠩᠭᠦᠶᠢᠷᠡᠬᠦ ᠲᠡᠷᠡ ᠯᠡ ᠬᠤᠷᠤᠮ ᠳᠤ | ᠬᠠᠷᠠᠴᠠ ᠬᠠᠷᠠᠴᠠ ᠠᠴᠠ ᠪᠠᠨ ᠵᠢᠭᠤᠳᠠᠬᠰᠠᠨ ᠬᠤᠶᠠᠷ | ᠤᠷᠤᠭᠤᠯ ᠤᠷᠤᠭᠤᠯ ᠢᠶᠠᠷ ᠢᠶᠠᠨ ᠠᠭᠤᠰᠤᠯᠴᠠᠬᠤ᠂᠂᠂᠂ | ᠰᠠᠷ᠎ᠠ ᠲᠠᠢ ᠰᠦᠨᠢ ᠬᠡᠷᠡᠯ ᠬᠤᠷᠢᠶᠠᠵᠦ ᠵᠡᠬᠦᠳᠡᠯᠡᠬᠦ ᠳᠤ | ᠬᠡᠷᠡᠯᠲᠠᠢ ᠵᠡᠬᠦᠳᠦᠨ ᠤ ᠬᠤᠶᠢᠮᠤᠷ ᠲᠤ ᠴᠢ ᠪᠢᠳᠠ ᠬᠤᠶᠠᠷ | ᠦᠬᠡᠲᠡ ᠦᠬᠡᠳᠡ ᠠᠴᠠ ᠪᠠᠨ ᠤᠷᠤᠰᠬᠤ᠂᠂᠂᠂᠂᠂ | ᠴᠠᠭᠠᠨ ᠠᠭᠤᠯᠠ ᠴᠡᠴᠡᠭ ᠤᠨ ᠰᠢᠬᠦᠳᠡᠷᠢ ᠶᠢ | ᠴᠠᠩᠭᠠᠬᠰᠠᠨ ᠡᠷᠪᠡᠬᠡᠢ ᠵᠠᠯᠬᠢᠬᠤ ᠮᠡᠲᠦ ᠵᠢᠷᠭᠠᠯ ᠲᠤᠮᠳᠠ | ᠡᠪᠡᠰᠦᠨ ᠤ ᠲᠤᠳᠠᠭᠤ ᠶᠢ ᠬᠡᠵᠢᠬᠡ ᠪᠠᠷ ᠢᠶᠠᠨ ᠲᠦᠯᠦᠭᠰᠡᠨ | ᠬᠤᠶᠠᠷ ᠪᠡᠶ᠎ᠡ ᠪᠡᠶ᠎ᠡ ᠳᠡᠭᠡᠨ ᠦᠷᠢᠲᠦᠬᠦ᠂᠂᠂᠂᠂᠂ | ᠴᠠᠭ ᠤᠨ ᠡᠷᠬᠡ ᠪᠠᠷ ᠰᠠᠶᠢᠬᠠᠨ ᠲᠠᠭᠤᠤ ᠴᠦ ᠮᠠᠷᠲᠠᠬᠲᠠᠬᠤ | ᠮᠷᠲᠠᠬᠲᠠᠬᠰᠠᠨ ᠲᠠᠭᠤᠨ ᠤ ᠰᠠᠶᠢᠬᠠᠨ ᠠᠶᠠᠯᠭᠤ ᠮᠡᠲᠦ ᠴᠢ ᠪᠢᠳᠠ ᠬᠤᠶᠠᠷ | ᠲᠡᠷᠡ ᠯᠡ ᠮᠦᠴᠡ ᠪᠠᠨ ᠵᠡᠷᠬᠡ ᠲᠤᠷᠠᠰᠬᠤ᠂᠂᠂᠂᠂ | ᠵᠡᠬᠡᠷ᠎ᠡ ᠬᠦᠷᠦᠬᠡᠰᠦᠨ ᠰᠢᠷᠭᠠᠯᠲᠤᠬᠤ ᠨᠠᠮᠤᠷ ᠤᠨ ᠲᠠᠯ᠎ᠠ ᠮᠡᠲᠦ | ᠮᠦᠷᠦᠬᠡᠲᠦᠯ ᠬᠢᠬᠡᠳ ᠲᠤᠷᠠᠰᠤᠮᠵᠢ ᠶᠢᠨ ᠠᠯᠠᠭᠠᠨ ᠲᠡᠬᠡᠷ᠎ᠡ | ᠵᠡᠬᠡᠷ᠎ᠡ ᠶᠢᠨ ᠬᠤᠤᠰ ᠱᠠᠭ᠎ᠠ ᠮᠤᠷᠢ ᠪᠠᠭᠤᠬᠤ ᠳᠤ | ᠨᠢᠬᠡ ᠨᠢ ᠡᠵᠡᠨ ᠦᠬᠡᠢ ᠪᠠᠶᠢᠬᠤ᠂᠂᠂᠂᠂᠂᠂᠂᠂᠂ |