ᠪᠤᠳᠤᠯ ᠬᠦᠶᠦᠬᠡᠨ ᠪᠣᠭᠤᠷᠣᠯ ᠤᠨ ᠲᠤᠤᠯᠢᠶᠠᠨ
ᠨᠡᠶᠢᠲᠡᠯᠡᠭᠰᠡᠨ ᠴᠠᠭ᠄
2018/7/11
          ᠪᠤᠳᠤᠯ ᠬᠦᠶᠦᠬᠡᠨ ᠪᠣᠭᠤᠷᠣᠯ ᠤᠨ ᠲᠤᠤᠯᠢᠶᠠᠨ                                ᠡᠷᠳᠡᠨᠢ                                                             ᠠᠯᠠᠭ ᠬᠤᠷᠸ᠎ᠠ ᠳᠤ  ᠳᠠᠭᠤᠯᠠᠬᠤ ᠳᠠᠭᠤᠣ ᠲᠠᠢ ᠠᠶᠠᠯᠭᠤ ᠪᠠᠶᠢᠬᠤ ᠪᠣᠯᠬᠤᠷ     ᠠᠪᠤ ᠡᠵᠢ ᠬᠤᠶᠠᠷ ᠮᠢᠨᠢ ᠠᠶᠣᠣᠯᠢᠬᠠᠢ ᠴᠡᠭᠡᠵᠢᠨ᠎ᠡ ᠣᠶᠠᠩᠭᠠᠯᠠᠨ ᠤᠴᠠᠷᠠᠳᠠᠭ ᠶᠣᠮ     ᠠᠮᠢᠳᠣᠷᠠᠬᠤ ᠶᠢᠨ ᠣᠬᠠᠭᠠᠨ ᠢ ᠣᠯᠭᠤᠭᠰᠠᠨ ᠪᠣᠯᠬᠤᠷ ᠣᠴᠠᠷᠯᠠᠨ ᠳᠠᠭᠤᠯᠠᠬᠤ ᠳᠠᠭᠤᠣ ᠲᠠᠢ     ᠠᠷᠢᠭᠤᠨ ᠰᠡᠳᠬᠢᠯᠭᠡ ᠶᠢᠨ ᠬᠠᠶᠢᠷ᠎ᠠ ᠬᠤᠶᠠᠷ ᠪᠣᠭᠤᠷᠣᠯ ᠢᠶᠠᠨ ᠣᠨᠴᠠᠯᠠᠨ ᠳᠠᠭᠤᠯᠠᠳᠠᠭ ᠶᠣᠮ᠃     ᠡᠨᠡᠬᠡᠨ ᠬᠠᠶᠢᠷ᠎ᠠ ᠶᠢᠨ ᠶᠢᠷᠲᠢᠨᠴᠦ ᠳᠤ ᠨᠠᠰᠦᠲᠠᠨ ᠪᠣᠭᠤᠷᠣᠯ ᠢᠶᠠᠨ ᠪᠣᠳᠣᠨ ᠪᠣᠳᠣᠨ ᠳᠠᠭᠤᠯᠠᠬᠤ     ᠳᠠᠭᠤᠣ ᠲᠠᠢ     ᠡᠨᠡ ᠶᠢᠷᠲᠢᠨᠴᠦ ᠠᠴᠠ ᠰᠠᠯᠣᠨ ᠣᠳᠣᠭᠰᠠᠨ ᠬᠤᠶᠠᠷ ᠪᠣᠭᠤᠷᠣᠯ ᠢᠶᠠᠨ ᠲᠤᠷᠠᠰᠤᠨ ᠰᠠᠨᠠᠳᠠᠭ ᠶᠣᠮ     ᠡᠪᠬᠡᠷᠴᠦ ᠡᠭᠡᠳᠡᠷᠡᠭᠰᠠᠨ ᠪᠦᠬᠦᠨ ᠢ ᠠᠷᠢᠯᠭᠠᠵᠦ ᠴᠢᠳᠠᠳᠠᠭ ᠪᠣᠯᠬᠤᠷ ᠳᠠᠭᠤᠯᠠᠬᠤ ᠳᠠᠭᠤᠣ ᠲᠠᠢ     ᠡᠷᠭᠢᠴᠡᠭᠦᠯᠵᠦ ᠪᠣᠳᠣᠭᠳᠠᠭᠠᠳ ᠪᠠᠶᠢᠳᠠᠭ ᠬᠤᠶᠠᠷ ᠪᠣᠭᠤᠷᠣᠯ ᠮᠢᠨᠢ ᠠᠮᠤᠷᠯᠤᠩᠭᠤᠢ ᠰᠦᠨᠡᠰᠦ     ᠠᠷᠢᠭᠤᠨ ᠪᠠᠶᠢᠭᠠᠰᠠᠢ᠃     ᠨᠢᠩᠵᠢᠨ ᠰᠡᠳᠬᠢᠯᠭᠡ ᠶᠢᠨ ᠬᠠᠶᠢᠷ᠎ᠠ ᠪᠠᠨ ᠬᠤᠶᠠᠷ ᠪᠣᠭᠤᠷᠣᠯ ᠳᠠᠭᠠᠨ ᠳᠠᠭᠤᠣ ᠲᠠᠢ ᠪᠣᠯᠬᠤᠷ     ᠢᠳᠡᠷᠡᠬᠦᠨ ᠪᠣᠯᠣᠭᠰᠠᠨ ᠬᠦᠪᠡᠭᠦᠨ ᠴᠢᠨᠢ ᠬᠤᠶᠠᠷ ᠪᠣᠭᠤᠷᠣᠯ ᠢᠶᠠᠨ ᠦᠨᠢ ᠮᠥᠩᠬᠡ ᠳᠣᠷᠠᠰᠬᠠᠵᠦ     ᠶᠠᠪᠣᠨ᠎ᠠ     ᠢᠩᠭᠡᠨ ᠪᠤᠶᠢᠯᠠᠭ᠎ᠠ ᠲᠠᠢ ᠬᠤᠷᠸ᠎ᠠ ᠳᠠᠭᠠᠨ ᠡᠨᠡᠷᠢᠩᠭᠦᠢ ᠬᠠᠶᠢᠷ᠎ᠠ ᠶᠢᠨ ᠳᠠᠭᠤᠯᠠᠬᠤ ᠳᠠᠭᠤᠣ ᠲᠠᠢ     ᠢᠩᠳᠡᠷᠯᠡᠨ ᠪᠣᠰᠬᠠᠭᠰᠠᠨ ᠦᠢᠯᠡᠰ ᠪᠦᠬᠦᠨ ᠢ ᠦᠷ᠎ᠡ ᠴᠢᠨᠢ ᠪᠢ ᠵᠠᠯᠭᠠᠮᠵᠢᠯᠠᠵᠦ ᠶᠠᠪᠣᠨ᠎ᠠ᠃     ᠣᠯᠠᠭᠠᠨ ᠵᠢᠷᠦᠬᠡᠨ ᠠᠴᠠ ᠤᠨᠳᠤᠷᠤᠬᠤ ᠳᠠᠭᠤᠣ ᠲᠠᠢ ᠰᠢᠯᠦᠭ ᠪᠠᠶᠢᠬᠤ ᠪᠣᠯᠬᠤᠷ     ᠣᠨᠳᠠᠬᠤ  ᠵᠡᠬᠦᠳᠦᠨ ᠨᠣᠶᠢᠷ ᠲᠠᠭᠠᠨ ᠬᠤᠶᠠᠷ ᠪᠣᠭᠤᠷᠣᠯ ᠮᠢᠨᠢ ᠪᠣᠳᠣᠭᠳᠠᠭᠠᠳ ᠪᠠᠶᠢᠳᠠᠭ     ᠣᠳᠣᠳ ᠲᠦᠭᠡᠬᠦ ᠴᠠᠭ ᠣᠶᠠᠩᠭᠠᠯᠠᠬᠤ ᠳᠠᠭᠤᠣ ᠲᠠᠢ ᠪᠠᠶᠢᠬᠤ ᠪᠣᠯᠬᠤᠷ     ᠣᠷᠴᠢᠯᠠᠩ ᠳᠤ ᠭᠠᠭᠴᠠᠬᠠᠨ ᠠᠴᠢᠲᠠᠨ ᠪᠣᠭᠤᠷᠣᠯ ᠢᠶᠠᠨ ᠯᠡ ᠳᠠᠭᠤᠯᠠᠬᠤ ᠶᠣᠰᠣᠲᠠᠢ᠃     ᠠᠯᠳᠠᠩᠬᠠᠨ ᠳᠡᠯᠡᠬᠡᠢ ᠶᠢᠨ ᠬᠠᠯᠠᠭᠤᠨ ᠡᠯᠢᠭᠡᠨ ᠳᠤ ᠠᠮᠢᠳᠣᠷᠠᠬᠤ ᠶᠢᠨ ᠵᠢᠷᠭᠠᠯ ᠢ ᠡᠳ᠋ᠯᠡᠭᠦᠯᠦᠭᠰᠡᠨ     ᠠᠪᠤ ᠡᠵᠢ ᠬᠤᠶᠠᠷ ᠤᠨ ᠪᠣᠶᠠᠨ ᠬᠡᠰᠢᠭ ᠬᠡᠵᠢᠶᠡᠳᠡ ᠳᠠᠩᠳᠠ ᠣᠨᠳᠣᠷᠴᠦ ᠪᠠᠶᠢᠳᠠᠭ ᠶᠣᠮ     ᠠᠮᠢᠰᠬᠤᠯ ᠤᠨ ᠨᠢᠭᠡᠭᠡᠨ ᠮᠦᠴᠡ ᠳᠤᠨᠢ ᠲᠡᠮᠡᠦᠯᠡᠨ     ᠠᠮᠵᠢᠵᠦ ᠣᠴᠠᠷᠠᠵᠦ ᠴᠢᠳᠠᠭᠰᠠᠨ ᠦᠭᠡᠢ ᠳᠡᠭᠡᠨ ᠬᠦᠦ ᠴᠢᠨᠢ ᠪᠢ ᠶᠡᠭᠡ ᠬᠠᠷᠠᠮᠰᠠᠨ᠎ᠠ᠃     ᠨᠠᠮᠣᠷ ᠤᠨ ᠬᠤᠩᠭᠤᠷᠬᠠᠨ ᠰᠠᠯᠬᠢᠨ ᠳᠤ ᠨᠣᠲᠤᠭ ᠢᠶᠠᠨ ᠰᠠᠨᠠᠭᠠᠳ ᠳᠠᠭᠤᠯᠠᠬᠤ ᠳᠠᠭᠤᠣ ᠲᠠᠢ ᠪᠣᠯᠬᠤᠷ     ᠨᠠᠰᠣᠯᠠᠭᠰᠠᠨ ᠪᠣᠭᠤᠷᠣᠯ ᠡᠵᠢ ᠮᠢᠨᠢ ᠡᠨᠡ ᠣᠷᠴᠢᠯᠠᠩ ᠠᠴᠠ ᠰᠠᠯᠣᠭᠠᠳ ᠨᠢᠭᠡᠨᠲᠠ ᠬᠤᠷᠢᠨ ᠵᠢᠯ ᠪᠣᠯᠪᠠ     ᠨᠠᠷᠠᠯᠠᠭ ᠬᠤᠷᠸ᠎ᠠ ᠶᠢᠨ ᠦᠷᠦᠴᠡᠨ ᠠᠴᠠ ᠨᠠᠰᠣᠲᠠᠨ ᠬᠤᠶᠠᠷ ᠪᠣᠭᠤᠷᠣᠯ ᠢᠶᠠᠨ ᠳᠠᠭᠤᠯᠠᠬᠤ ᠳᠠᠭᠤᠣ     ᠲᠠᠢ ᠪᠣᠯᠬᠤᠷ     ᠨᠠᠮᠠᠨᠴᠢᠯᠠᠨ ᠮᠦᠷᠭᠦᠵᠦ ᠬᠦᠪᠡᠬᠦᠨ ᠴᠢᠨᠢ ᠬᠦᠬᠡ ᠮᠣᠷᠢᠨ ᠵᠢᠯ ᠤᠨ ᠢᠳᠡᠭᠡᠨ ᠳᠡᠭᠡᠵᠢ ᠪᠠᠨ ᠲᠡᠭᠷᠢ     ᠳᠡᠭᠡᠨ ᠡᠷᠬᠦᠯ᠎ᠠ᠃     ᠪᠠᠶᠢᠨ ᠪᠠᠶᠢᠨ ᠰᠠᠨᠠᠭᠳᠠᠭᠠᠳ ᠪᠠᠶᠢᠳᠠᠭ ᠨᠠᠰᠣᠲᠠᠨ ᠪᠣᠭᠤᠷᠣᠯ ᠢᠶᠠᠨ ᠳᠠᠭᠤᠯᠠᠬᠤ ᠳᠠᠭᠤᠣ ᠲᠠᠢ ᠪᠣᠯᠬᠤᠷ     ᠪᠠᠶᠢᠭᠠᠯᠢ ᠣᠷᠴᠢᠨ ᠤ ᠨᠣᠭᠤᠭᠠᠨ ᠬᠦᠷᠦᠰᠦᠨ᠎ᠡ ᠳᠠᠭᠠᠳᠬᠠᠨ ᠬᠦᠦ ᠴᠢᠨᠢ ᠮᠦᠷᠭᠦᠯ᠎ᠡ     ᠪᠠᠭ᠋ᠠᠷᠠᠨ ᠪᠠᠭ᠋ᠠᠷᠠᠨ ᠪᠠᠶᠠᠰᠣᠭᠠᠳ ᠪᠠᠶᠢᠳᠠᠭ ᠪᠣᠭᠤᠷᠣᠯ ᠨᠠᠰᠣᠲᠠᠨ ᠢᠶᠠᠨ ᠳᠠᠭᠤᠯᠠᠬᠤ ᠳᠠᠭᠤᠣ ᠲᠠᠢ     ᠪᠣᠯᠬᠤᠷ     ᠪᠢᠰᠢᠷᠡᠯ ᠰᠦᠰᠦᠭ ᠤᠨ ᠮᠦᠷ ᠢᠶᠠᠷ ᠪᠣᠷᠬᠠᠨ ᠳᠠᠭᠠᠨ ᠵᠣᠯᠠ ᠪᠠᠷᠢᠨ ᠵᠠᠯᠪᠢᠷᠠᠵᠦ ᠮᠦᠷᠭᠦᠯ᠎ᠡ᠃     ᠬᠠᠨᠠᠭᠠᠷ ᠶᠡᠭᠡ ᠭᠤᠪᠢ ᠨᠤᠲᠤᠭ ᠢᠶᠠᠨ ᠬᠠᠶᠢᠷᠠᠯᠠᠵᠦ ᠲᠠᠭᠤᠯᠠᠬᠤ ᠳᠠᠭᠤᠣ ᠲᠠᠢ ᠪᠤᠯᠬᠤᠷ     ᠬᠠᠯᠠᠬ᠎ᠠ ᠲᠠᠷᠢᠭᠠᠩᠭ᠎ᠠ ᠶᠢᠨ ᠨᠤᠲᠤᠭ ᠲᠠᠢ ᠳᠡᠭᠡᠳᠦᠰ ᠤᠨ ᠪᠣᠭᠤᠷᠣᠯ ᠢᠶᠠᠨ ᠳᠣᠷᠠᠰᠣᠮᠵᠢ ᠪᠣᠯᠭᠠᠳᠠᠭ     ᠬᠠᠪᠣᠷ ᠤᠨ ᠪᠣᠷᠬᠠᠨ ᠲᠡᠭᠷᠢ ᠶᠢᠨ ᠪᠣᠳᠣᠭᠤᠨ ᠪᠤᠶᠢᠯᠠᠭ᠎ᠠ ᠶᠢ ᠳᠠᠭᠤᠯᠠᠬᠤ ᠳᠠᠭᠤᠣ ᠲᠠᠢ ᠪᠣᠯᠬᠤᠷ     ᠬᠠᠶᠢᠷᠠᠲᠠᠢ ᠬᠤᠶᠠᠷ ᠪᠣᠭᠤᠷᠣᠯ ᠮᠢᠨᠢ ᠬᠤᠯᠠᠳᠠᠭᠠᠳ ᠣᠳᠠᠭᠰᠠᠨ ᠴᠦ ᠬᠠᠯᠭᠤᠨ ᠵᠢᠷᠦᠬᠡᠨ᠎ᠡ     ᠬᠤᠨᠤᠭᠰᠢᠭᠰᠠᠭᠠᠷ᠃     ᠰᠠᠷᠠ ᠲᠠᠢ ᠲᠡᠭᠷᠢ ᠶᠢᠨ ᠣᠳᠣᠳ ᠢ ᠳᠠᠭᠤᠯᠠᠬᠤ ᠳᠠᠭᠤᠣ ᠲᠠᠢ ᠪᠠᠶᠢᠳᠠᠭ ᠪᠣᠯᠬᠤᠷ     ᠰᠠᠯᠵᠦ ᠤᠳᠤᠭᠰᠠᠨ ᠬᠤᠶᠠᠷ ᠪᠣᠭᠤᠷᠣᠯ ᠰᠠᠨᠠᠭ᠎ᠠ ᠪᠣᠳᠣᠯ ᠠᠴᠠ ᠶᠡᠷᠦ ᠭᠠᠷᠤᠭ᠎ᠠ ᠦᠬᠡᠢ     ᠰᠠᠮᠤᠷᠴᠦ ᠴᠢᠨᠠᠭᠰᠠᠨ ᠡᠵᠢ ᠶᠢᠨ ᠴᠠᠢ ᠶᠢ ᠳᠠᠭᠤᠯᠠᠬᠤ ᠳᠠᠭᠤᠣ ᠲᠠᠢ ᠪᠣᠯᠬᠤᠷ     ᠰᠠᠶᠢᠨ ᠤ ᠢᠷᠦᠭᠡᠯ ᠰᠠᠶᠢᠬᠠᠨ ᠤ ᠪᠡᠯᠭᠡᠳᠠᠯ ᠰᠢᠯᠦᠭ ᠢᠶᠠᠨ ᠨᠠᠶᠢᠷᠠᠯ᠎ᠠ᠃     ᠬᠦᠬᠡ ᠲᠡᠭᠷᠢ ᠶᠢᠨ ᠬᠡᠰᠢᠭ ᠲᠠᠢ ᠬᠦᠷᠦᠰᠦᠲᠦ ᠳᠡᠯᠡᠬᠡᠢ ᠶᠢᠨ ᠪᠣᠶᠠᠨ ᠲᠠᠢ     ᠬᠦᠬᠡ ᠮᠣᠷᠢᠨ ᠵᠢᠯ ᠳᠡᠭᠡᠨ ᠣᠳᠣ ᠰᠣᠳᠣ ᠲᠠᠢ ᠶᠠᠪᠣᠬᠤ ᠶᠢ ᠢᠷᠦᠭᠡᠶ᠎ᠡ     ᠬᠦᠬᠡ ᠴᠡᠩᠬᠡᠷ ᠣᠭᠳᠠᠷᠭᠤᠢ ᠦᠷᠭᠦᠯᠵᠢᠲᠡ ᠦᠩᠭᠡ ᠪᠠᠷ ᠢᠶᠠᠨ ᠪᠠᠶᠢᠵᠦ     ᠬᠦᠳᠡᠭᠡ ᠨᠣᠲᠤᠭ ᠤᠨ ᠪᠠᠶᠢᠭᠠᠯᠢ ᠤᠷᠴᠢᠨ ᠦᠨᠢᠳᠡ ᠨᠤᠭᠤᠭᠠᠨ ᠢᠶᠠᠷ ᠢᠶᠠᠨ ᠪᠠᠶᠢᠭᠠᠷᠠᠢ᠃     ᠬᠡᠶᠢᠮᠦᠷᠢ ᠰᠦᠯᠲᠡ ᠲᠠᠢ ᠬᠦᠬᠡ ᠮᠣᠷᠢᠨ ᠵᠢᠯ ᠤᠨ ᠴᠠᠭᠠᠨ ᠰᠠᠷ᠎ᠠ     ᠬᠦᠷ ᠪᠠᠶᠠᠷ ᠬᠦᠷᠴᠦ ᠢᠷᠡᠬᠦ ᠪᠠᠷ ᠬᠦᠮᠦᠨ ᠪᠦᠬᠦᠨ ᠳᠠᠭᠤᠯᠠᠬᠤ ᠳᠠᠭᠤᠣ ᠲᠠᠢ     ᠬᠢᠭᠰᠡᠨ ᠪᠣᠯᠭᠠᠨ ᠠᠮᠵᠢᠯᠲᠠ ᠲᠠᠢ᠂ ᠶᠠᠪᠣᠭᠰᠠᠨ ᠪᠦᠬᠦᠨ ᠪᠦᠲᠦᠮᠵᠢ ᠲᠠᠢ᠂ ᠶᠠᠷᠢᠭᠰᠠᠨ ᠵᠦᠢᠯ     ᠣᠯᠣᠯᠲᠠ ᠲᠠᠢ     ᠢᠷᠠᠭᠤ ᠰᠠᠶᠢᠬᠠᠨ ᠣᠷᠲᠣ ᠶᠢᠨ ᠳᠠᠭᠤᠣ ᠮᠣᠷᠢᠨ ᠬᠤᠭᠤᠷ ᠤᠨ ᠡᠭᠡᠰᠢᠭ ᠲᠠᠢ᠃     ᠬᠦᠰᠡᠯ ᠤᠨ ᠴᠡᠩᠬᠡᠷ ᠬᠠᠳᠠᠭ ᠲᠤᠨᠢ ᠠᠶᠠᠯᠭᠤ ᠳᠠᠭᠤᠣ ᠰᠢᠩᠭᠡᠭᠰᠡᠨ     ᠬᠦᠨᠳᠦᠳᠦ ᠣᠯᠠᠨ ᠵᠣᠴᠢᠳ ᠲᠠᠭᠠᠨ ᠲᠠᠭᠤᠯᠠᠬᠤ ᠳᠠᠭᠤᠣ ᠲᠠᠢ ᠪᠣᠯᠬᠤᠷ     ᠬᠦᠬᠡ ᠮᠣᠷᠢᠨ ᠵᠢᠯ ᠤᠨ ᠠᠯᠢᠪᠠ ᠵᠦᠢᠯᠡᠰ ᠠᠮᠵᠢᠯᠲᠠ ᠳᠦᠭᠦᠷᠡᠩ     ᠬᠦᠮᠦᠨ ᠪᠦᠬᠦᠨ ᠤ ᠪᠠᠶᠠᠷ ᠤᠨ ᠢᠨᠢᠶᠡᠳᠦ ᠴᠢᠷᠠᠢ ᠪᠢᠯᠬᠠᠨ ᠪᠠᠶᠠᠰᠣᠮᠣᠢ᠃                                                                   — ᠬᠦᠬᠡ ᠮᠣᠷᠢᠨ ᠵᠢᠯ ᠤᠨ ᠰᠢᠨ᠎ᠡ ᠶᠢᠨ ᠶᠢᠰᠦᠨ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号