ᠵᠢᠭᠦᠷ ᠥᠬᠡᠢ ᠮᠥᠷᠤᠬᠡᠳᠤᠯ
ᠨᠡᠶᠢᠲᠡᠯᠡᠭᠰᠡᠨ ᠴᠠᠭ᠄
2019/2/18
        ᠵᠢᠭᠦᠷ ᠥᠬᠡᠢ ᠮᠥᠷᠤᠬᠡᠳᠤᠯ                                                    ᠬᠠᠳᠠᠳᠣᠶᠠᠭ᠎ᠠ    ᠥᠡᠳᠤᠷ ᠠᠭᠤᠯᠠ ᠴᠠᠰᠤᠨ ᠳᠤ ᠡᠩ ᠢᠶᠠᠷ ᠢᠶᠠᠨ ᠲᠠᠷᠤᠬᠳᠠᠬᠰᠠᠨ ᠲᠠᠷᠨ ᠡᠪᠤᠯ ᠤᠨ ᠭᠥᠢᠳᠠᠨ ᠢ ᠶᠠᠭᠤᠨ ᠬᠡᠯᠡᠭᠦᠪ᠃     ᠪᠤᠭᠤᠨᠢ ᠡᠳᠤᠷ ᠤᠨ ᠨᠠᠷᠨ ᠠᠷᠠᠶᠢᠬᠠᠨ ᠠᠭᠤᠯᠠ ᠲᠠᠪᠠᠭ᠋ᠤ ᠶᠢᠨ ᠬᠢᠷᠢ ᠳᠤ ᠥᠨᠡᠬᠡᠨ ᠮᠠᠯᠠᠭᠠᠢ ᠪᠠᠨ ᠪᠥᠴᠢᠯᠡᠭᠡ ᠥᠬᠡᠢ᠂ ᠤᠬᠳᠤᠷ ᠬᠤᠷᠮᠤᠢ ᠲᠠᠢ᠂ ᠥᠡᠭᠬᠡ ᠨᠡᠬᠢ ᠲᠡᠪᠡᠯ ᠡᠮᠤᠰᠴᠤ ᠮᠥᠷᠤᠨ ᠳᠡᠭᠡᠨ ᠳ᠋ᠠᠩ ᠬᠤᠨᠭ᠍ᠰᠢᠶᠠᠷ ᠲᠠᠢ ᠬᠤᠯᠤᠰᠤᠨ ᠪᠠᠷᠢᠭᠤᠯ ᠲᠠᠢ ᠫᠤᠤ ᠡᠭᠦᠷᠤᠭ᠍ᠰᠠᠨ ᠬᠤᠷᠢ ᠭᠠᠷᠤᠢ ᠨᠠᠰᠤᠨ ᠤ ᠡᠷ᠎ᠠ ᠰᠢᠭᠤᠷᠴᠤ ᠬᠠᠳᠠᠭᠤᠷᠠᠬᠰᠠᠨ ᠴᠠᠰᠤᠨ ᠲᠡᠬᠡᠷ᠎ᠠ ᠴᠠᠬᠢᠷᠠᠭᠤᠯᠤᠨ ᠬᠢᠰᠬᠢᠵᠦ ᠶᠠᠪᠤᠬᠤ ᠳᠠᠭᠠᠨ ᠠᠩᠵᠢᠨ ᠭᠥᠮᠤᠨ ᠤ ᠬᠢᠷᠠᠬᠠᠢ ᠬᠠᠷᠠᠴᠨ ᠪᠠᠷ ᠡᠷᠬᠢᠨ ᠲᠤᠭᠤᠷᠢᠨ ᠎ ᠢᠶᠠᠨ ᠠᠵᠢᠬᠯᠠᠨ ᠤᠷᠤᠬᠰᠢᠯᠠᠨ᠎ᠠ᠃     ᠡᠨᠡ ᠭᠥᠮᠤᠨ ᠢ ᠪᠤᠤ ᠮᠢᠩ ᠬᠡᠳᠡᠭ᠂ ᠪᠡᠬᠡᠵᠢᠩ ᠠᠴᠠ ᠭᠥᠳᠡᠭᠡ ᠪᠠᠭᠤᠬᠰᠠᠨ ᠰᠠᠬᠡᠬᠡᠳᠠᠨ ᠪᠠᠶᠢᠵᠦ᠂ ᠠᠯᠠᠭ ᠠᠭᠤᠯᠠ ᠶᠢᠨ ᠲᠤᠭᠤᠶᠢᠯᠠᠩ ᠳᠤ ᠢᠷᠠᠬᠡᠤᠨ ᠵᠢᠯ ᠢᠯᠡᠭᠦᠥ ᠶᠢᠨ ᠨᠢᠭᠤᠷ ᠥᠵᠡᠵᠦ ᠪᠠᠶᠢᠭ᠎ᠠ ᠶᠤᠮ᠃ ᠠᠩ ᠭᠥᠷᠤᠬᠡᠨ ᠎ ᠳᠤ ᠪᠠᠭ᠋ᠠᠳᠠᠢ᠂ ᠤᠬᠠᠭᠠᠯᠢᠭ᠂ ᠰᠠᠷᠭᠦᠯᠠᠩ᠂ ᠭᠥᠮᠤᠨ ᠡᠳᠤᠷᠵᠢᠨ ᠠᠭᠤᠯᠠ ᠰᠥᠯᠵᠢᠨ ᠶᠠᠪᠤᠵᠦ᠂ ᠥᠨᠡᠭᠡ᠂ ᠲᠠᠤᠯᠡᠢ ᠬᠡᠷᠠᠨ ᠵᠡᠷᠬᠡ ᠠᠪᠠᠯᠠᠵᠦ ᠬᠠᠷᠢᠳᠠᠭ᠃     ᠥᠨᠤ ᠥᠷᠯᠤᠬᠡ ᠲᠠᠷᠨ ᠮᠥᠡᠴᠤ ᠵᠤᠷᠰᠢᠯ ᠶᠤᠰᠤᠭᠠᠷ ᠠᠳᠠ ᠢᠷᠠᠵᠠᠢ᠂ ᠲᠡᠭᠦᠨ ᠤ ᠡᠮᠤᠨ᠎ᠡ ᠲᠠᠮᠠᠢ ᠬᠤᠯᠠ ᠥᠬᠡᠢ ᠬᠠᠳᠠᠨ ᠤ ᠡᠩᠬᠡᠷ ᠲᠤ ᠨᠢᠬᠡ ᠥᠷᠪᠤᠬᠡᠷ ᠵᠤᠶᠢᠯ ᠪᠥᠷᠳᠤᠯᠵᠠᠨ ᠭᠥᠳᠠᠯᠪᠡ᠃ ᠲᠡᠭᠦᠨ ᠤ ᠬᠠᠷᠠᠴᠨ ᠬᠡᠵᠢᠶᠠᠨᠢ ᠲᠤᠰᠴᠤ ᠠᠮᠵᠢᠬᠰᠠᠨ ᠪᠠᠶᠢᠯ᠎ᠠ᠃    ᠲᠠᠷᠨ ᠮᠥᠨ ᠳᠠᠬᠢ ᠳᠤ ᠪᠠᠨ ᠱᠠᠯᠪᠠᠭ᠋ᠠᠨ ᠠᠪᠴᠤ ᠵᠠᠮᠠᠭ ᠢ ᠨᠢ ᠲᠠᠳᠠᠵᠦ ᠤᠨᠢᠯᠠᠬᠰᠠᠭᠠᠷ ᠰᠠᠮ ᠰᠠᠮᠡᠬᠡᠨ ᠤᠶᠢᠷᠠᠳᠤᠵᠦ ᠤᠴᠢᠪᠡᠯ ᠰᠢᠷᠬ᠎ᠠ ᠲᠠᠢ ᠵᠤᠯᠵᠠᠭᠠᠨ ᠲᠠᠰ ᠲᠠᠯᠴᠢᠯᠡᠨ ᠪᠠᠶᠢᠪᠠ᠃ ᠪᠤᠤ ᠮᠢᠩ ᠫᠤᠤ ᠪᠠᠨ ᠭᠠᠵᠠᠷ ᠲᠠᠯᠪᠢᠵᠦ ᠲᠠᠯᠴᠢᠯᠠᠨ ᠪᠠᠶᠢᠭ᠎ᠠ ᠲᠠᠨ ᠢ ᠲᠠᠯᠠᠪᠴᠢᠨ ᠤᠭ ᠠᠴᠠ ᠨᠢ ᠪᠠᠷᠢᠵᠦ ᠠᠪᠤᠯ᠎ᠠ᠃ ᠪᠤᠷᠤᠪᠳᠤᠷ ᠤᠳᠤ ᠨᠢ ᠵᠥᠪ ᠵᠥᠬᠡᠯᠡᠨ᠂ ᠲᠤᠷᠤᠬᠰᠢ ᠬᠢᠨᠭ᠍ᠭᠠᠷᠯᠡᠨ ᠮᠤᠷᠤᠶᠢᠬᠰᠠᠨ ᠬᠤᠶᠢᠭᠤ ᠨᠢ ᠲᠠᠭ ᠬᠠᠷ᠎ᠠ ᠥᠡᠭᠬᠡ ᠪᠠᠷ ᠬᠢᠯᠳᠤᠭᠠᠨᠠᠵᠦ᠂ ᠶᠠᠭ ᠠᠷᠤ ᠪᠠᠷ ᠨᠢ ᠲᠤᠳᠤᠬᠠᠨ ᠰᠢᠷ᠎ᠠ ᠵᠢᠷᠤᠭᠠᠰᠤ ᠲᠠᠢ᠂ ᠬᠤᠶᠠᠷ ᠭᠥᠯ ᠤᠨ ᠬᠢᠨᠢ ᠰᠠᠷᠢᠰᠤ ᠤᠷᠭᠤᠵᠦ ᠭᠥᠢᠴᠡᠭᠡ ᠥᠬᠡᠢ ᠬᠡᠰᠡᠭ ᠬᠡᠰᠡᠭ ᠡᠷᠪᠡᠶᠢᠨ ᠲᠠᠷᠰᠠᠶᠢᠵᠦ ᠬᠠᠳᠠᠬᠰᠠᠨ  ᠬᠠᠷᠠᠭᠠᠨ᠎ᠠ ᠶᠢᠨ ᠬᠠᠯᠢᠰᠤ ᠰᠢᠭ᠋ ᠬᠠᠷᠠᠬᠳᠠᠨ᠎ᠠ᠃ ᠲᠤᠮᠤ ᠰᠢᠪᠡᠭᠤᠨ ᠳᠤ ᠭᠤᠶᠠᠳᠠᠭᠤᠯᠤᠬᠰᠠᠨ ᠪᠤᠶᠤ ᠲᠤᠩᠰᠢᠭᠤᠯᠤᠬᠰᠠᠨ ᠪᠠᠶᠢᠳᠠᠯ ᠲᠠᠢ᠂ ᠪᠤᠤ ᠮᠢᠩ ᠪᠢᠴᠢᠬᠠᠨ ᠲᠠᠭ ᠢ ᠲᠠᠪᠡᠷᠢᠭᠰᠡᠬᠡᠷ ᠬᠡᠷ ᠵᠥᠭ ᠪᠠᠨ ᠪᠤᠴᠠᠪᠠ᠃     ᠲᠡᠷᠨ ᠬᠡᠳᠤᠨ ᠡᠳᠤᠷ ᠠᠡᠭ ᠳᠤ ᠭᠠᠷᠤᠬᠰᠠᠨ ᠥᠬᠡᠢ᠂ ᠵᠤᠯᠵᠠᠭᠠᠨ  ᠲᠠᠭ ᠢ ᠠᠷᠠᠴᠢᠯᠡᠨ᠂ ᠰᠢᠷᠬ᠎ᠠ ᠢ ᠨᠢ ᠠᠩᠬᠠᠷᠴᠤ᠂ ᠲᠠᠯᠠᠪᠴᠢ ᠢ ᠨᠢ ᠪᠡᠶ᠎ᠠ ᠲᠠᠢ ᠨᠢ ᠬᠠᠮᠳᠤ ᠥᠷᠬᠡᠨ ᠪᠥᠰᠠ ᠪᠠᠷ ᠤᠷᠢᠶᠠᠵᠦ ᠵᠥᠪᠬᠡᠨ ᠬᠤᠶᠠᠷ ᠭᠥᠯ ᠨᠢ ᠴᠢᠯᠤᠬᠡ ᠲᠠᠢ ᠭᠥᠳᠠᠯᠬᠡᠬᠡᠨ ᠬᠢᠭᠦ ᠪᠠᠷ ᠥᠯᠡᠳᠠᠬᠡᠵᠦ᠂ ᠰᠢᠩᠬᠡᠯᠢᠭ ᠳᠤ ᠬᠤᠷᠢᠵᠦ ᠤᠰᠤ ᠪᠠ ᠠᠩᠨᠠᠵᠦ ᠠᠪᠴᠢᠷᠠᠬᠰᠠᠨ ᠲᠠᠤᠯᠡᠢ ᠶᠢᠨ ᠮᠢᠬ᠎ᠠ ᠪᠠᠨ ᠵᠢᠵᠢᠭᠯᠡᠨ ᠬᠡᠰᠡᠭᠯᠡᠬᠡᠤᠨ ᠲᠠᠯᠪᠢᠵᠦ ᠥᠭᠭᠦᠪᠡ᠃ ᠲᠡᠭᠦᠨ ᠤ ᠨᠠᠷᠢᠨ ᠠᠷᠠᠴᠢᠯᠠᠭ᠎ᠠ ᠳᠤ ᠲᠠᠨ ᠎ ᠪᠠᠨ ᠰᠢᠷᠬ᠎ᠠ ᠢᠯᠠᠷᠠᠢ ᠪᠤᠯᠵᠦ ᠭᠥᠳᠠᠯᠵᠦ ᠭᠥᠶᠤᠭᠦ ᠨᠢ ᠪᠤᠰᠢᠭᠤᠬᠠᠨ ᠪᠤᠯᠤᠬᠰᠠᠨ ᠪᠥᠬᠡᠤᠨ ᠬᠡᠳᠠᠷ ᠲᠤᠬᠰᠢᠨ ᠵᠠᠩ ᠎ ᠨᠢ ᠨᠡᠯᠢᠶᠠᠤᠨ ᠠᠶᠠᠳᠠᠬᠰᠠᠨ ᠪᠠᠶᠢᠪᠠ᠃     ᠰᠠᠯᠬᠢᠨ ᠥᠬᠡᠢ ᠨᠠᠮᠬᠤᠬᠠᠨ ᠥᠷᠯᠤᠬᠡ ᠪᠤᠤ ᠮᠢᠩ ᠲᠠᠨ ᠪᠠᠨ ᠰᠢᠩᠬᠡᠯᠢᠭ ᠠᠴᠠ ᠨᠢ ᠭᠠᠷᠭᠠᠵᠦ ᠤᠷᠢᠶᠠᠬᠰᠠᠨ ᠪᠥᠰᠠ ᠢ ᠨᠢ ᠠᠭᠠᠵᠢᠮ ᠠᠯᠳᠠᠷᠠᠭᠠᠵᠦ ᠲᠠᠯᠠᠪᠴᠢ ᠢ ᠨᠢ ᠰᠤᠯᠠᠯᠠᠨ ᠭᠥᠯ ᠠᠴᠠ ᠤᠭᠤᠰᠤᠷᠯᠠᠬᠰᠠᠨ ᠨᠠᠷᠢᠨ ᠲᠡᠬᠡᠰᠤ ᠎ ᠪᠠᠨ ᠢᠳᠡᠭ ᠢᠳᠡᠭ ᠢᠶᠠᠷ ᠤᠷᠳᠤᠤᠡᠬᠠᠵᠦ ᠥᠭᠭᠦ ᠶᠢᠨ ᠵᠡᠷᠬᠡ ᠳᠤ ᠪᠢᠴᠢᠬᠠᠨ ᠲᠠᠭ ᠨᠠᠰᠢ ᠴᠠᠰᠢ ᠰᠤᠨᠢᠷᠬᠠᠨ ᠬᠠᠷᠠᠬᠰᠠᠨ ᠢᠶᠠᠨ ᠲᠤᠮᠤ ᠲᠠᠯᠠᠪᠴᠢ ᠪᠠᠨ ᠠᠭᠠᠵᠢᠮ ᠲᠠᠪᠳᠠᠷᠠᠨ ᠲᠡᠬᠡᠭᠰᠢ ᠭᠥᠬᠡᠷᠤᠪᠡ᠃ ᠲᠡᠬᠡᠬᠡᠤᠨ ᠤᠷᠳᠤ ᠲᠠᠭᠤᠰᠬᠤ ᠭᠱᠠᠨ ᠳᠤ ᠲᠠᠰ ᠭᠠᠵᠠᠷ ᠤᠨ ᠭᠥᠷᠤᠰᠤᠨ ᠳᠤ ᠰᠤᠮᠤᠳᠤᠨ ᠪᠠᠭᠤᠵᠦ ᠢᠷᠠᠪᠡ᠃ ᠪᠤᠤ ᠮᠢᠩ ᠪᠡᠶᠡᠷᠯᠡᠨ ᠲᠠᠪᠭᠦᠷᠴᠤ ᠤᠳᠤ ᠯᠡ ᠪᠤᠯᠤᠬᠰᠠᠨ ᠬᠡᠵᠦ ᠠᠮᠠ ᠳᠠᠭᠠᠨ ᠲᠥᠳᠤᠨᠡᠪᠡ᠃     ᠲᠡᠷᠨ ᠡᠳᠤᠷ ᠠᠴᠠ ᠬᠤᠶᠢᠰᠢ ᠪᠤᠤ ᠮᠢᠩ ᠲᠠᠭ ᠪᠠᠨ ᠠᠪᠴᠤ ᠠᠭᠤᠯᠡᠨ ᠳᠤ ᠭᠠᠷᠳᠠᠭ ᠪᠤᠯᠪᠡ᠃ ᠭᠥᠯ ᠢ ᠨᠢ ᠤᠭᠤᠰᠤᠷᠯᠠᠬᠰᠠᠨ ᠨᠠᠷᠢᠨ ᠲᠡᠬᠡᠰᠤ ᠢ ᠭᠠᠷ ᠲᠠᠭᠠᠨ ᠬᠤᠯᠪᠤᠵᠦ᠂ ᠥᠡᠳᠠᠬᠡᠨ ᠴᠢᠨᠡᠬᠡᠨ ᠴᠢᠯᠡᠭᠤ ᠠᠪᠴᠤ ᠬᠤᠯᠠ ᠰᠢᠳᠠᠨ ᠶᠠᠪᠤᠭᠤᠯᠬᠤ ᠳᠤ ᠪᠤᠤ ᠮᠢᠩ ᠤᠨ ᠮᠥᠷᠤᠨ ᠲᠡᠬᠡᠷ᠎ᠠ ᠰᠠᠭᠤᠵᠦ ᠪᠠᠶᠢᠬᠰᠠᠨ ᠵᠤᠯᠵᠠᠭᠠᠨ ᠲᠠᠰ ᠬᠢᠯᠡᠰᠬᠢᠨ ᠱᠤᠩᠭᠤᠵᠦ ᠥᠡᠳᠠᠬᠡᠨ ᠴᠢᠯᠡᠭᠤ ᠲᠤᠰᠤᠬᠰᠠᠨ ᠭᠠᠵᠠᠷ ᠤᠨ ᠴᠠᠰᠣ ᠢ ᠮᠠᠨᠠᠰᠬᠢᠨ ᠪᠠᠭᠤᠪᠠ᠃ ᠪᠤᠤ ᠮᠢᠩ ᠤᠨ ᠠᠡᠭ ᠎ ᠤᠨ ᠤᠯᠵᠨ ᠠᠷᠪᠢᠳᠤᠵᠦ ᠪᠠᠶᠢᠪᠠ᠃     ᠬᠠᠪᠤᠷ ᠬᠡᠤᠬᠡᠨ ᠡᠬᠡ ᠭᠠᠵᠠᠷ ᠰᠠᠭᠠᠳᠠᠵᠦ ᠠᠭᠤᠯᠡ ᠢᠶᠠᠨ ᠴᠠᠰᠤ ᠢ ᠤᠶᠠᠬᠠᠨ ᠠᠭᠠᠯᠢ ᠪᠠᠷ ᠢᠶᠠᠨ ᠢᠯᠪᠢᠭᠦ ᠳᠤ ᠨᠠᠷᠨ ᠡᠬᠡᠪᠤᠷ ᠲᠠᠯ᠎ᠠ ᠠᠴᠠ ᠪᠠᠨ ᠡᠷᠢᠶᠡᠭᠳᠤᠵᠦ ᠡᠬᠢᠯᠡᠪᠡ᠃     ᠪᠤᠤ ᠮᠢᠩ ᠠᠡᠭ ᠭᠠᠷᠬᠤ ᠪᠠᠨ ᠪᠤᠯᠢᠬᠠᠬᠰᠠᠨ ᠪᠠᠶᠢᠪᠠ ︵ᠬᠠᠪᠤᠷ ᠴᠠᠭ ᠠᠩᠵᠢᠤᠨ ᠠᠡᠭ ᠭᠥᠷᠤᠬᠡ ᠬᠡᠳᠡᠭ ᠥᠬᠡᠢ︶ ᠲᠡᠷᠨ ᠲᠠᠰ ᠢᠶᠠᠨ ᠲᠤᠮᠤ ᠰᠢᠩᠬᠡᠯᠢᠭ ᠳᠤ ᠬᠤᠷᠢᠵᠦ ᠡᠪᠤᠯᠵᠢᠨ ᠪᠡᠯᠡᠤᠡᠬᠡᠭᠰᠠᠨ ᠠᠪᠡ ᠶᠢᠨ ᠮᠢᠬ᠎ᠠ ᠪᠠᠷ ᠢᠶᠠᠨ ᠲᠡᠬᠡᠵᠢᠳᠡᠭ ᠪᠤᠯᠤᠯ᠎ᠠ᠃ ᠬᠡᠬᠡᠷ᠎ᠠ ᠶᠢᠨ ᠰᠠᠯᠬᠢᠨ ᠳᠤ ᠥᠳᠤ ᠰᠤᠳᠤ ᠪᠠᠨ ᠰᠠᠮᠠᠨᠠᠭᠤᠯᠵᠦ᠂ ᠭᠥᠨ ᠤᠬᠳᠠᠷᠭᠤᠢ ᠳᠤ ᠬᠠᠯᠢᠨ ᠲᠡᠭᠦᠯᠳᠡᠭ ᠲᠠᠰ ᠳᠤ ᠠᠪᠴᠤ ᠬᠡᠯᠡᠪᠡᠯ ᠰᠢᠩᠬᠡᠯᠢᠭ ᠳᠤ ᠬᠤᠷᠢᠬᠳᠠᠵᠦ ᠪᠡᠯᠡᠨ ᠬᠤᠭᠤᠯᠡ ᠵᠤᠭᠤᠬᠯᠠᠬᠤ ᠨᠢ ᠲᠠᠩᠴᠢ ᠤᠶᠢᠤᠡᠬᠠᠷ ᠲᠠᠢ ᠪᠠᠶᠢᠯ᠎ᠠ᠃ ᠪᠤᠤ ᠮᠢᠩ ᠠᠵᠢᠯ ᠤᠨ ᠴᠢᠯᠤᠬᠡ ᠵᠡᠪ ᠢᠶᠠᠷ ᠬᠠᠶᠠ ᠲᠠᠭ ᠢᠶᠠᠨ ᠭᠠᠷᠭᠠᠵᠦ᠂ ᠴᠤᠴᠢᠮᠠᠭ ᠭᠥᠬᠡᠷᠤᠭᠦ ᠱᠤᠶᠢᠭᠤᠨ ᠲᠠᠭᠠᠷᠢᠬᠤ ᠵᠡᠷᠬᠡ ᠭᠥᠳᠠᠯᠬᠡᠬᠡᠨ ᠪᠤᠯᠪᠠᠰᠤᠷᠠᠭᠤᠯᠳᠠᠭ ᠪᠤᠯᠪᠡᠴᠤ ᠲᠠᠭ ᠤᠨ ᠭᠥᠨ ᠪᠤᠳᠤᠯᠭᠠᠰᠢᠷᠠᠬᠰᠠᠨ ᠲᠤᠩᠭᠠᠯᠠᠭ ᠰᠢᠷ᠎ᠠ ᠨᠢᠳᠤ ᠢ ᠶᠡᠷᠤ ᠠᠴᠠ ᠠᠵᠢᠬᠯᠠᠭ᠎ᠠ ᠥᠬᠡᠢ᠃     ᠤᠯᠡᠷᠢᠯ ᠤᠷᠴᠢᠵᠦ ᠬᠤᠷᠸ᠎ᠠ ᠡᠷᠬᠢᠵᠦ ᠨᠠᠮᠤᠷ ᠠᠶᠠᠷᠯᠡᠨ ᠡᠪᠤᠯ ᠪᠤᠯᠬᠤ ᠳᠤ ᠠᠯᠠᠭ ᠠᠭᠤᠯᠡ ᠮᠥᠡᠴᠤ ᠴᠠᠰᠤᠨ ᠭᠤᠶᠤᠯᠠᠯ ᠢᠶᠠᠨ ᠡᠮᠤᠰᠴᠢᠬᠡᠭᠰᠠᠨ ᠥᠵᠡᠰᠭᠦᠯᠠᠩ ᠪᠠᠨ ᠭᠠᠶᠢᠬᠠᠭᠤᠯᠤᠨ᠎ᠠ᠃ ᠴᠠᠰᠤ ᠬᠠᠶᠠᠯᠠᠬᠰᠠᠨ ᠪᠥᠷᠭᠦᠭ ᠥᠷᠯᠤᠬᠡ ᠪᠤᠤ ᠮᠢᠩ ᠲᠠᠭ ᠪᠠᠨ ᠮᠥᠷᠤᠨ ᠲᠡᠬᠡᠷ᠎ᠠ ᠪᠠᠨ ᠰᠠᠭᠤᠯᠭᠠᠨ ᠬᠠᠯᠳᠠᠷ ᠮᠤᠷᠢ ᠪᠠᠨ ᠤᠨᠤᠵᠦ ᠠᠪᠠ ᠳᠤ ᠭᠠᠷᠤᠯ᠎ᠠ᠃ ᠲᠠᠰ ᠨᠢᠳᠤᠨᠤᠨ ᠤ ᠵᠤᠯᠵᠠᠭ᠎ᠠ ᠪᠢᠰᠢ ᠪᠤᠯᠴᠢᠬᠠᠵᠠᠢ᠃ ᠪᠡᠶ᠎ᠡ ᠲᠠᠯᠠᠪᠴᠢ ᠨᠢ ᠲᠤᠮᠤᠷᠠᠵᠦ᠂ ᠥᠳᠤ ᠨᠢ ᠬᠠᠷ᠎ᠠ ᠪᠤᠷᠤ ᠥᠡᠭᠬᠡᠳᠠᠢ ᠪᠤᠯᠵᠦ᠂ ᠨᠢᠳᠤ ᠨᠢ ᠬᠢᠯᠢᠭ ᠲᠠᠢ ᠬᠠᠷᠠᠴᠨ ᠪᠠᠷ ᠭᠥᠯᠡᠯᠵᠢᠵᠦ ᠰᠠᠷᠢᠰᠤ ᠨᠢ ᠭᠤᠭᠤᠡᠵᠢᠬᠰᠠᠨ ᠰᠠᠪᠠᠷ ᠨᠢ ᠭᠥᠴᠤ ᠲᠤᠷᠪᠢ ᠲᠠᠢ ᠪᠤᠯᠵᠦ ᠪᠤᠤ ᠮᠢᠩ ᠤᠨ ᠮᠥᠷᠠᠨ ᠲᠡᠬᠡᠷ᠎ᠠ ᠠᠴᠠ ᠪᠡᠵᠠᠵᠦ ᠪᠤᠢ ᠬᠢᠮᠤᠰᠤ ᠨᠢ ᠨᠡᠬᠡᠢ ᠲᠡᠪᠡᠯ ᠢ ᠨᠢ ᠴᠤᠭᠤᠯᠬᠤ ᠰᠢᠬᠡᠳᠤᠭ᠍ᠰᠠᠨ ᠪᠠᠶᠢᠯ᠎ᠠ᠃      ᠲᠠᠷᠨ ᠠᠭᠤᠯᠡ ᠬᠠᠪᠴᠢᠯ ᠭᠥᠷᠴᠤ ᠮᠤᠷᠢᠨ ᠤ ᠠᠮᠠ ᠢ ᠲᠠᠳᠠᠵᠦ ᠠᠷᠠᠢ ᠵᠤᠬᠰᠤᠮᠠᠷ ᠪᠠᠶᠢᠬᠤ ᠳᠤ ᠬᠤᠯᠠ ᠤᠶᠢᠷ᠎ᠠ ᠢ ᠠᠵᠢᠵᠦ ᠶᠠᠪᠤᠬᠰᠠᠨ ᠲᠠᠭ ᠰᠥᠷᠳᠠᠬᠡᠨ ᠱᠤᠩᠭᠤᠬᠤ ᠨᠢ ᠲᠠᠷᠨ ᠡ ᠮᠤᠷᠢ ᠵᠤᠯᠠᠷᠠᠵᠦ ᠪᠤᠤ ᠮᠢᠩ ᠤᠨ ᠵᠡᠭᠦᠨ ᠮᠥᠷᠤ ᠬᠠᠯᠠᠭᠤ ᠤᠰᠤᠡᠬᠠᠭᠠᠬᠤ ᠶᠠᠪᠤᠴᠢᠬᠠᠯ᠎ᠠ᠂ ᠮᠤᠷᠢ ᠪᠠᠨ ᠵᠤᠬᠰᠤᠭᠠᠵᠦ ᠮᠥᠷᠤ ᠪᠠᠨ ᠲᠠᠮᠳᠠᠷᠢᠵᠦ ᠥᠵᠡᠪᠡᠯ ᠨᠠᠬᠡᠢ ᠲᠡᠪᠡᠯ ᠤᠷᠠᠬᠳᠠᠨ᠂ ᠴᠠᠮᠴᠠᠨ ᠤ ᠬᠢᠨᠢ ᠴᠠᠭᠠᠨ᠎ᠠ ᠠᠴᠠ ᠴᠢᠰᠤ ᠲᠠᠭᠠᠪᠤᠷᠢᠯᠡᠨ ᠪᠠᠶᠢᠪᠠ᠃ ᠲᠠᠭ ᠤᠨ ᠬᠢᠮᠤᠰᠤᠨ ᠎ ᠳᠤ᠂ ᠬᠡᠭᠵᠡᠭᠦᠯᠤᠭ᠍ᠰᠠᠨ ᠶᠢᠨ ᠲᠠᠷᠨ ᠮᠡᠳᠠᠪᠡ᠃ ᠪᠤᠤ ᠮᠢᠩ ᠤᠨ ᠠᠭᠤᠷ ᠪᠤᠴᠠᠯᠵᠦ ᠲᠡᠬᠡᠰᠤ ᠪᠠᠨ ᠭᠥᠴᠤᠯᠡᠨ ᠲᠠᠳᠠᠵᠦ ᠲᠠᠭ ᠢ ᠡᠷᠬᠢᠭᠦᠯᠵᠦ ᠠᠪᠬᠤ ᠳᠤ ᠰᠠᠬᠠᠯᠳᠠ ᠬᠢᠷᠢ ᠶᠢᠨ ᠭᠠᠵᠠᠷ ᠠᠴᠠ ᠨᠢᠬᠡ ᠲᠤᠮᠤ ᠲᠠᠤᠯᠡᠢ ᠲᠤᠭᠤᠯᠳᠠᠨ ᠲᠤᠳᠠᠭᠠᠬᠤ ᠬᠠᠷᠠᠬᠳᠠᠪᠠ᠃ ᠪᠤᠤ ᠮᠢᠩ ᠲᠠᠤᠯᠡᠢ ᠢ ᠬᠠᠮᠢᠶᠠᠷᠬᠤ ᠵᠡᠪ ᠥᠬᠡᠢ ᠵᠥᠪᠬᠡᠨ ᠯᠡ ᠲᠠᠭ ᠢ ᠲᠤᠬᠳᠠᠭᠠᠵᠦ ᠬᠡᠷ ᠎ ᠲᠡᠭᠡᠨ ᠪᠤᠴᠠᠪᠠ᠃     ᠰᠢᠷᠬ᠎ᠠ ᠪᠠᠨ ᠤᠷᠢᠶᠠᠬᠰᠠᠨ ᠲᠠᠷᠨ ᠭᠥᠢᠳᠠᠨ ᠬᠡᠷᠠᠯ ᠰᠠᠴᠤᠷᠠᠬᠰᠠᠨ ᠬᠠᠶᠢᠴᠢ ᠪᠠᠷᠢᠬᠰᠠᠭᠠᠷ ᠬᠡᠷ ᠠᠴᠠ ᠭᠠᠷᠴᠤ ᠢᠷᠡᠭᠰᠠᠨ ᠢᠶᠠᠨ ᠰᠢᠩᠬᠡᠯᠢᠭ ᠤᠨ ᠡᠭᠦᠳᠠ ᠢ ᠨᠡᠬᠡᠬᠡᠵᠦ ᠲᠠᠭ ᠤᠨ ᠬᠢᠮᠤᠰᠤ ᠪᠥᠭᠦᠨ ᠤ ᠥᠵᠤᠭᠦᠷ ᠢ ᠬᠠᠶᠢᠴᠢᠯᠠᠵᠦ ᠬᠠᠶᠠᠪᠡ᠃ ᠬᠢᠮᠤᠰᠤᠨ ᠳᠤ ᠬᠠᠶᠢᠴᠢ ᠭᠥᠷᠴᠤ ᠲᠠᠰᠬᠢᠨ ᠲᠤᠤᠭᠠᠷᠬᠤ ᠭᠱᠠᠨ ᠳᠤ ᠲᠠᠰ ᠤᠨ ᠪᠥᠭᠦ ᠪᠡᠷ᠎ᠠ ᠳᠤ ᠭᠥᠢᠳᠠᠨ ᠤᠷᠤᠰᠬᠠᠯ ᠭᠥᠶᠤᠵᠦ ᠲᠡᠭᠵᠢᠰᠬᠢᠵᠦ ᠠᠪᠤᠪᠠ᠃     ᠪᠤᠤ ᠮᠢᠩ ᠲᠠᠭ ᠢ ᠪᠤᠴᠠᠭᠠᠵᠦ ᠬᠠᠷᠢᠭᠠᠤᠨ ᠨᠠᠯᠢᠶᠠᠤᠨ ᠮᠢᠬ᠎ᠠ ᠤᠰᠤ ᠲᠠᠯᠪᠢᠵᠦ ᠥᠭᠭᠦᠬᠡᠤᠨ ᠬᠡᠴᠢᠨᠡᠨ ᠡᠳᠤᠷ ᠬᠠᠲᠠᠵᠦ ᠬᠠᠪᠢᠳᠠᠵᠦ ᠥᠭᠵᠡᠭᠡ ᠥᠬᠡᠢ᠃     ᠭᠥᠬᠡᠷᠤᠭᠦᠢ ᠲᠠᠭ ᠬᠢᠮᠤᠰᠤ ᠪᠠᠨ ᠬᠠᠶᠢᠴᠢᠯᠠᠭᠤᠯᠤᠬᠰᠠᠨ ᠠᠴᠠ ᠬᠤᠶᠢᠰᠢ ᠬᠤᠭᠤᠯᠠ ᠤᠮᠳᠠ ᠳᠤ ᠲᠤᠷ᠎ᠠ ᠮᠠᠭᠤᠳᠠᠢ ᠪᠤᠯᠵᠦ ᠬᠢᠯᠠᠭᠠᠷ ᠥᠳᠤ ᠨᠢ ᠮᠡᠳᠡᠭᠳᠠᠮ᠎ᠠ ᠥᠡᠭᠬᠡ ᠪᠠᠭᠤᠷᠠᠵᠦ᠂ ᠲᠤᠩᠭᠠᠯᠠᠭ ᠰᠠᠶᠢᠬᠠᠨ ᠨᠢᠳᠤ ᠨᠢ ᠭᠤᠨᠢᠭ ᠎ ᠢᠶᠠᠷ ᠪᠥᠷᠭᠦᠵᠦ᠂ ᠰᠢᠩᠬᠡᠯᠢᠭ ᠤᠨ ᠤᠷᠤᠢ ᠪᠠᠷ ᠬᠠᠷᠠᠬᠳᠠᠬᠤ ᠭᠥᠨ ᠭᠥᠬᠡ ᠲᠡᠭᠷᠢ ᠢ ᠰᠢᠷᠠᠳᠠᠨ ᠤᠳᠠᠳᠠᠯ᠎ᠠ ᠰᠠᠭᠤᠬᠤ ᠎ ᠳᠤ ᠲᠠᠭᠦᠨ ᠤ ᠬᠠᠷᠠᠴᠠᠨ ᠳᠤ ᠥᠪᠡᠷ ᠲᠠᠢ ᠨᠢ ᠢᠵᠢᠯᠬᠡᠨ ᠲᠠᠭ ᠬᠤᠤᠰ ᠵᠢᠭᠦᠷ ᠢᠶᠠᠨ ᠲᠡᠯᠬᠡᠨ ᠥᠡᠳᠤᠷ ᠠᠴᠠ ᠥᠡᠳᠤᠷ ᠲᠡᠭᠦᠯᠢᠨ ᠶᠠᠪᠤᠭ᠎ᠠ ᠬᠠᠷᠠᠬᠳᠠᠨ᠎ᠠ ᠠᠵᠠᠢ᠃    ᠵᠢᠭᠦᠷ ᠪᠠᠶᠢᠭᠠᠤᠨ ᠨᠢᠰᠴᠤ ᠥᠯᠤ ᠴᠢᠳᠠᠬᠤ ᠥᠪᠡᠷ ᠤᠨ ᠠᠵᠨ ᠪᠤᠰᠤ ᠬᠤᠪᠢ ᠵᠠᠶᠠᠭᠠᠨ ᠳᠠᠭᠠᠨ ᠭᠤᠮᠤᠷᠬᠠᠬᠤ ᠎ ᠳᠤ ᠭᠤᠨᠢᠭ ᠲᠠᠢ ᠰᠢᠷ᠎ᠠ ᠨᠢᠳᠤᠨ ᠳᠤ ᠮᠥ᠋ ᠭᠥᠷᠢᠶᠠᠯᠡᠨ ᠲᠥᠭᠦᠷᠡᠭᠰᠠᠨ ᠨᠢᠯᠪᠤᠰᠤ ᠪᠠᠭᠳᠠᠵᠦ ᠶᠠᠳᠠᠮ᠎ᠠ ᠮᠠᠯᠳᠠᠬᠡᠨᠡᠭᠰᠠᠬᠡᠷ ᠲᠤᠮᠤ ᠲᠤᠰᠤᠯ ᠪᠤᠯᠵᠦ᠂ ᠵᠥᠬᠡᠯᠡᠨ ᠥᠳᠤᠨ ᠲᠡᠬᠡᠭᠦᠷ ᠪᠥᠮᠪᠤᠷᠨᠢᠵᠦ ᠭᠠᠵᠠᠷ ᠲᠤ ᠰᠢᠩᠬᠡᠨ᠎ᠡ ᠁                                                   ᠰᠥᠨᠢᠤᠨ ᠵᠡᠭᠦᠨ ᠬᠤᠰᠢᠭᠤᠨ ᠤ ᠲᠠᠯᠠᠢ ᠰᠤᠮᠤᠨ ᠤ ᠪᠡᠶᠡᠡᠪᠤᠯᠤᠤᠨ ᠭᠠᠴᠠᠭ᠎ᠠ                                        2017 ᠤᠨ ᠤ 2 ᠰᠠᠷ᠎ᠠ ᠶᠢᠨ 6
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号