ᠪᠢᠲᠡᠭᠦᠨ ᠤ ᠴᠠᠢ
ᠨᠡᠶᠢᠲᠡᠯᠡᠭᠰᠡᠨ ᠴᠠᠭ᠄
2020/6/17
       ᠰᠦᠨᠢᠳᠴᠤᠳ ᠬᠦᠬᠡᠬᠡ ᠰᠠᠷ᠎ᠠ ᠶᠢᠨ ᠬᠠᠮᠤᠭ ᠰᠡᠭᠦᠯᠴᠢ ᠶᠢᠨ ᠡᠳᠦᠷ ᠢ ᠪᠢᠲᠡᠭᠦᠨ ᠤ ᠡᠳᠦᠷ ᠭᠡᠳᠡᠭ᠃ ᠪᠢᠲᠡᠭᠦᠨ ᠤ ᠡᠳᠦᠷ ᠪᠣᠯᠣᠭᠰᠠᠭᠠᠷ ᠴᠠᠭᠠᠨ ᠰᠠᠷ᠎ᠠ ᠶᠢᠨ ᠪᠡᠯᠡᠳᠭᠡᠯ ᠲᠥᠬᠦᠭᠡᠷᠦᠮᠵᠢ ᠪᠠᠨ ᠪᠦᠷᠢᠨ ᠬᠢᠭᠰᠡᠨ ᠤ ᠳᠠᠷᠠᠭ᠎ᠠ ᠦᠳᠡ ᠪᠣᠶᠣ ᠦᠳᠡ ᠶᠢᠨ ᠬᠤᠶᠢᠨ᠎ᠠ ᠠᠶᠢᠯ ᠬᠤᠲᠠᠨ ᠤ ᠬᠦᠮᠦᠰ ᠢᠶᠠᠨ ᠵᠠᠯᠠᠵᠤ ᠪᠢᠲᠡᠭᠦᠨ ᠤ ᠴᠠᠢ ᠤᠤᠭᠤᠯᠭᠠᠵᠤ᠂ ᠠᠷᠢᠬᠢ ᠬᠡᠮᠨᠡᠵᠦ᠂ ᠢᠳᠡᠭᠡ ᠪᠤᠳᠠᠭ᠎ᠠ ᠲᠠᠯᠪᠢᠵᠤ ᠪᠢᠲᠡᠭᠦᠨ ᠤ ᠴᠠᠢ ᠶᠢᠨ ᠦᠢᠯᠡ ᠶᠤᠰᠤᠨ ᠢ ᠭᠦᠢᠴᠡᠳᠭᠡᠳᠡᠭ ᠪᠠᠶᠢᠨ᠎ᠠ        ᠳᠠᠷᠠᠭ᠎ᠠ ᠨᠢ ᠭᠡᠷ ᠤᠨ ᠪᠢᠲᠡᠭᠦᠨ ᠢᠶᠠᠨ ᠬᠢᠳᠡᠭ᠃ ᠭᠡᠷ ᠤᠨ ᠪᠢᠲᠡᠭᠦᠨ ᠢᠶᠠᠨ ᠬᠢᠬᠦ ᠳᠤ ᠨᠠᠰᠤᠲᠠᠢ ᠠᠬᠠᠮᠠᠳ ᠎ ᠨᠢ ᠡᠷᠡᠮᠪᠠ ᠳᠠᠷᠠᠭ᠎ᠠ ᠲᠠᠢ ᠰᠠᠭᠤᠵᠠᠭᠠᠵᠤ ᠪᠢᠲᠡᠭᠦᠨ ᠤ ᠢᠳᠡᠭᠡ ︵ᠴᠠᠭᠠᠨ ᠢᠳᠡᠭᠡ ᠲᠡᠷᠢᠭᠦᠲᠡᠨ ᠲᠠᠯᠪᠢᠵᠤ︶ ᠦᠷᠦᠵᠦ ᠴᠠᠢ ᠤᠤᠭᠤᠵᠠᠭᠠᠵᠤ᠂ ᠬᠡᠦᠬᠡᠳ ᠳᠡᠭᠦᠦ ᠨᠠᠷ ᠨᠢ ᠠᠬᠠᠮᠠᠳ ᠨᠠᠰᠤᠲᠠᠨ ᠳᠠᠭᠠᠨ ᠠᠷᠢᠬᠢ ᠬᠡᠮᠨᠡᠵᠦ ᠦᠭᠳᠡᠭ᠃ ᠳᠠᠷᠠᠭ᠎ᠠ ᠨᠢ ᠭᠡᠷ ᠤᠨ ᠠᠬᠠᠮᠠᠳ ᠨᠢ ᠬᠡᠦᠬᠡᠳ ᠳᠡᠭᠦᠦ ᠨᠠᠷ ᠲᠠᠭᠠᠨ ᠪᠢᠲᠡᠭᠦᠨ ᠤ ᠬᠤᠪᠢ ᠲᠦᠭᠡᠭᠡᠵᠦ ᠦᠭᠭᠦᠨ᠎ᠡ᠃ ᠪᠢᠲᠡᠭᠦᠨ ᠤ ᠬᠤᠪᠢ ᠳᠤ ᠭᠤᠣᠯᠳᠠᠭᠤ ᠮᠢᠬ᠎ᠠ ᠪᠠᠶᠢᠳᠠᠭ᠃ ᠡᠭᠦᠨ ᠳᠤ ᠤᠭᠤᠴᠠ᠂ ᠳᠠᠯᠤ᠂ ᠳᠦᠷᠪᠡᠨ ᠦᠨᠳᠦᠷ᠂ ᠡᠪᠴᠢᠭᠦᠦ᠂ ᠰᠡᠭᠡᠷ᠂ ᠱᠠᠭᠠᠨᠲᠤ᠂ ᠪᠣᠭᠲᠤᠰ᠂ ᠰᠦᠪᠡᠭᠡ ᠶᠢᠨ ᠬᠠᠪᠢᠷᠭ᠎ᠠ᠂ ᠵᠢᠷᠦᠬᠡ᠂ ᠪᠦᠭᠡᠷ᠎ᠡ ᠵᠡᠷᠭᠡ ᠤᠷᠤᠳᠠᠭ᠃        ᠢᠩᠭᠢᠭᠡᠳ ᠤᠷᠤᠢ ᠶᠢᠨ ᠪᠢᠳᠡᠭᠦᠯᠡᠬᠦ ᠪᠡᠯᠡᠳᠭᠡᠯ ᠢᠶᠠᠨ ᠬᠢᠳᠡᠭ᠃ ᠪᠢᠲᠡᠭᠦᠨ ᠤ ᠴᠠᠢ ᠤᠤᠭᠤᠯᠭᠠᠬᠤ ᠳᠤ ᠵᠠᠯᠠᠯᠭ᠎ᠠ ᠲᠠᠯᠪᠢᠵᠤ᠂ ᠠᠶᠢᠯ ᠬᠤᠲᠠᠨ ᠤ ᠬᠦᠮᠦᠰ ᠢᠶᠠᠨ ᠪᠢᠲᠡᠭᠦᠨ ᠤ ᠴᠠᠢ ᠤᠤᠭᠤᠯᠭᠠᠬᠤ ᠶᠠᠪᠤᠳᠠᠯ ᠶᠤᠮ᠃ ᠪᠢᠲᠡᠭᠦᠯᠡᠬᠦ ᠨᠢ ᠡᠭᠦᠨ ᠲᠠᠢ ᠠᠳᠠᠯᠢ ᠦᠭᠡᠢ᠃ ᠠᠶᠢᠯ ᠬᠤᠲᠠᠨ ᠤ ᠬᠦᠮᠦᠰ ᠭᠡᠷ ᠭᠡᠷ ᠢᠶᠠᠷ ᠬᠡᠰᠦᠵᠦ ᠬᠠᠷᠢᠯᠴᠠᠨ ᠪᠢᠲᠡᠭᠦᠯᠡᠬᠦ ᠶᠣᠰᠤᠨ ᠭᠦᠢᠴᠡᠳᠭᠡᠨ᠎ᠡ᠃ ᠪᠢᠳᠡᠭᠦᠨ ᠤ ᠡᠳᠦᠷ ᠢᠷᠡᠭᠰᠡᠨ ᠬᠦᠮᠦᠨ ᠪᠣᠯᠭᠠᠨ ᠳᠤ ᠴᠠᠢ ᠤᠤᠭᠤᠯᠭᠠᠵᠤ᠂ ᠪᠢᠲᠡᠭᠦᠨ ᠤ ᠢᠳᠡᠭᠡ ᠠᠮᠰᠠᠭᠤᠯᠬᠤ ᠶᠣᠰᠤᠨ ᠪᠣᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号