ᠬᠠᠳᠠ ᠲᠠᠬᠢᠬᠤ
ᠨᠡᠶᠢᠲᠡᠯᠡᠭᠰᠡᠨ ᠴᠠᠭ᠄
2020/6/17
         ᠰᠦᠨᠢᠳ ᠲᠤ ᠴᠠᠭᠠᠨ ᠬᠠᠳᠠ᠂ ᠦᠬᠡᠷ ᠴᠢᠯᠠᠭᠤ ᠶᠢ ᠲᠠᠬᠢᠳᠠᠭ ᠪᠠᠶᠢᠵᠠᠢ᠃ ᠬᠠᠳᠠ ᠲᠠᠬᠢᠬᠤ ᠨᠢ ᠣᠪᠣᠭᠠᠨ ᠲᠠᠬᠢᠯᠭ᠎ᠠ ᠲᠠᠢ ᠠᠳᠠᠯᠢ᠃ ᠦᠷᠭᠡᠨ ᠬᠡᠪᠴᠢᠶᠡᠨ ᠤ ᠨᠠᠶᠢᠷ ᠬᠢᠳᠡᠭ ᠦᠭᠡᠢ᠂ ᠵᠦᠪᠬᠡᠨ ᠬᠠᠳᠠ ᠴᠢᠯᠠᠭᠤ ᠲᠠᠬᠢᠳᠠᠭ ᠠᠶᠢᠯ ᠡᠷᠦᠬᠡ ᠨᠢ ᠣᠴᠢᠵᠤ ᠲᠠᠬᠢᠬᠤ ᠶᠣᠰᠤ ᠶᠢ ᠭᠦᠢᠴᠡᠳᠭᠡᠳᠡᠭ᠃         ᠪᠣᠷᠤᠭᠠᠨ ᠬᠤᠷ᠎ᠠ ᠭᠤᠶᠤᠬᠤ᠂ ᠬᠦᠰᠡᠬᠦ᠂ ᠡᠩᠬᠡ ᠲᠤᠩᠬ᠎ᠠ ᠶᠢ ᠪᠡᠯᠭᠡᠳᠡᠵᠦ᠂ ᠬᠠᠳᠠ ᠴᠢᠯᠠᠭᠤ ᠶᠢ ᠲᠠᠬᠢᠵᠤ ᠰᠢᠳᠦᠳᠡᠭ ᠪᠠᠶᠢᠵᠠᠢ᠃ ᠰᠢᠯᠢ ᠶᠢᠨ ᠴᠠᠭᠠᠨ ᠣᠪᠣᠭᠠᠨ ᠤ ᠬᠤᠶᠢᠨ᠎ᠠ ᠪᠠᠶᠢᠭ᠎ᠠ ᠴᠠᠭᠠᠨ ᠬᠠᠳᠠᠨ ᠳᠡᠭᠡᠷ᠎ᠡ ᠬᠦᠮᠦᠰ ᠣᠪᠣᠭ᠎ᠠ ᠲᠠᠬᠢᠬᠤ ᠡᠳᠦᠷ ᠣᠴᠢᠵᠤ ᠰᠠᠩ ᠲᠠᠯᠪᠢᠵᠤ ᠢᠳᠡᠭᠡ ᠵᠠᠰᠠᠨ ᠲᠠᠬᠢᠭᠠᠳ᠂ ᠲᠡᠷᠡ ᠬᠠᠳᠠᠨ ᠤ ᠳᠡᠷᠭᠡᠳᠡ ᠠᠴᠠ ᠣᠪᠣᠭ᠎ᠠ ᠬᠦᠷᠲᠡᠯ᠎ᠡ ᠮᠣᠷᠢ ᠤᠷᠤᠯᠳᠤᠭᠤᠯᠵᠤ ᠲᠡᠷᠢᠭᠦᠨ ᠮᠣᠷᠢ ᠳᠤᠨᠢ ᠱᠠᠩ ᠣᠯᠭᠤᠳᠠᠭ ᠪᠠᠶᠢᠪᠠ᠃         ᠬᠠᠳᠠ ᠲᠠᠬᠢᠬᠤ ᠳᠠᠭᠠᠨ ᠬᠠᠳᠠᠨ ᠤ ᠡᠮᠦᠨ᠎ᠡ ᠰᠠᠩ ᠲᠠᠯᠪᠢᠵᠤ ᠴᠠᠭᠠᠨ ᠢᠳᠡᠭᠡ ᠵᠠᠰᠠᠨ ᠬᠠᠳᠠᠨ ᠳᠠᠭᠠᠨ ᠮᠦᠷᠭᠦᠳᠡᠭ᠃ ᠪᠠᠰᠠ ᠵᠠᠷᠢᠮ ᠠᠶᠢᠯ ᠬᠠᠳᠠ ᠪᠠᠨ ᠪᠦᠬᠦᠯᠢ ᠰᠢᠭᠦᠰᠦ ᠪᠠᠷ ᠲᠠᠬᠢᠳᠠᠭ ᠴᠤ ᠪᠣᠢ᠃ ᠬᠠᠳᠠ ᠲᠠᠬᠢᠬᠤ ᠳᠤ ᠮᠣᠷᠢ ᠤᠷᠤᠯᠳᠤᠭᠤᠯᠵᠤ ᠪᠦᠬᠡ ᠪᠠᠷᠢᠯᠳᠤᠨ᠂ ᠨᠠᠶᠢᠷ ᠬᠢᠳᠡᠭ ᠦᠭᠡᠢ᠃ ᠵᠦᠪᠬᠡᠨ ᠴᠠᠭᠠᠨ ᠬᠠᠳᠠ ᠶᠢ ᠲᠠᠬᠢᠬᠤ ᠳᠤ ᠯᠡ ᠮᠣᠷᠢ ᠤᠷᠤᠯᠳᠤᠭᠤᠯᠵᠤ ᠪᠠᠶᠢᠵᠠᠢ᠃ ᠬᠠᠳᠠ ᠲᠠᠬᠢᠬᠤ ᠳᠤ ᠪᠠᠰᠠ ᠲᠤᠭᠲᠠᠭᠰᠠᠨ ᠡᠳᠦᠷ ᠲᠠᠢ᠃ ᠮᠦᠨ ᠵᠤᠨ ᠤ ᠬᠤᠭᠤᠴᠠᠭ᠎ᠠ ᠪᠤᠯᠪᠠᠯ ᠲᠠᠬᠢᠳᠠᠭ ᠠᠶᠢᠯ ᠨᠢ ᠬᠠᠳᠠ ᠪᠠᠨ ᠲᠠᠬᠢᠵᠤ ᠭᠡᠷ ᠲᠡᠭᠡᠨ ᠬᠠᠷᠢᠳᠠᠭ᠃ ᠲᠠᠬᠢᠳᠠᠭ ᠬᠠᠳᠠᠨ ᠳᠠᠭᠠᠨ ᠮᠠᠯ ᠰᠡᠳᠡᠷᠯᠡᠬᠦ ᠴᠤ ᠪᠣᠢ᠃         ᠴᠢᠩᠭᠢᠰ ᠪᠣᠭᠳᠠ ᠶᠢᠨ ᠮᠤᠷᠢᠨ ᠤ ᠤᠶᠠᠭ᠎ᠠ ᠭᠡᠰᠡᠨ ᠳᠤᠮᠤᠭ ᠲᠠᠢ ᠭᠤᠷᠪᠠᠨ ᠬᠦᠰᠢᠶ᠎ᠡ ᠴᠢᠯᠠᠭᠤ ᠶᠢ ᠲᠠᠬᠢᠵᠤ ᠪᠠᠶᠢᠵᠠᠢ᠃ ᠮᠣᠷᠢᠨ ᠤ ᠤᠶᠠᠭ᠎ᠠ ᠭᠡᠵᠦ ᠵᠤᠬᠢᠶᠠᠵᠤ ᠪᠤᠰᠬᠠᠭᠰᠠᠨ ᠭᠤᠷᠪᠠᠨ ᠬᠦᠰᠢᠶ᠎ᠡ ᠴᠢᠯᠠᠭᠤᠨ ᠳᠤ ᠬᠤᠨᠢᠨ ᠤ ᠤᠩᠭᠠᠰᠤ ᠪᠠᠷ ᠲᠠᠮᠤᠭᠰᠠᠨ ᠵᠡᠯ᠎ᠡ ᠲᠠᠲᠠᠵᠤ᠂ ᠵᠡᠯ᠎ᠡ ᠠᠴᠠ ᠨᠢ ᠬᠠᠵᠠᠭᠠᠷ᠂ ᠨᠣᠭᠲᠣ᠂ ᠴᠢᠳᠦᠷ᠂ ᠬᠤᠷᠠᠭᠠᠨ ᠤ ᠬᠦᠬᠡᠨ᠎ᠡ ᠤᠶᠠᠭᠰᠠᠨ ᠪᠠᠶᠢᠳᠠᠭ᠃ ᠨᠡᠯᠢᠶᠡᠳ ᠳᠡᠭᠡᠷ᠎ᠡ ᠦᠶ᠎ᠡ ᠳᠤ ᠭᠤᠷᠪᠠᠨ ᠰᠠᠷ᠎ᠠ ᠳᠤ ᠴᠢᠩᠭᠢᠰ ᠤᠨ ᠮᠣᠷᠢᠨ ᠤ ᠤᠶᠠᠭ᠎ᠠ᠂ ᠬᠦᠰᠢᠶ᠎ᠡ ᠴᠢᠯᠠᠭᠤᠨ ᠳᠤ ᠰᠠᠩ ᠲᠠᠯᠪᠢᠵᠤ᠂ ᠴᠠᠭᠠᠨ ᠢᠳᠡᠭᠡ ᠵᠠᠰᠠᠵᠤ ᠪᠠᠶᠢᠵᠠᠢ ᠭᠡᠳᠡᠭ᠂ ᠭᠡᠳᠡᠯ᠎ᠡ ᠣᠳᠣ ᠲᠠᠬᠢᠬᠤ ᠪᠠᠨ ᠪᠠᠶᠢᠵᠠᠢ᠃ ᠴᠢᠩᠭᠢᠰ ᠤᠨ ᠮᠤᠷᠢᠨ ᠤ ᠤᠶᠠᠭ᠎ᠠ ᠭᠡᠰᠡᠨ ᠬᠦᠰᠢᠭᠡ ᠴᠢᠯᠠᠭᠤ ᠶᠢ ᠲᠠᠬᠢᠵᠤ ᠪᠠᠶᠢᠭ᠎ᠠ ᠨᠢ ᠴᠡᠭᠡ ᠶᠢᠨ ᠨᠠᠶᠢᠷ ᠠᠴᠠ ᠢᠷᠡᠯ ᠲᠠᠢ ᠪᠠᠶᠢᠵᠤ ᠮᠠᠭᠠᠳ ᠦᠭᠡᠢ᠃         ᠰᠦᠨᠢᠳ ᠲᠤ ᠪᠠᠶᠢᠭᠠᠯᠢ ᠶᠢᠨ ᠠᠶᠠᠨᠳᠠᠭᠠᠨ ᠪᠦᠳᠦᠭᠡᠭᠰᠡᠨ ᠵᠢᠵᠢᠭ ᠨᠦᠬᠡ ᠲᠠᠢ ᠴᠢᠯᠠᠭᠤ ᠶᠢ ᠲᠡᠭᠦᠵᠦ ᠠᠪᠤᠭᠠᠳ ᠦᠬᠡᠷ ᠴᠢᠯᠠᠭᠤ ᠭᠡᠮᠡᠨ ᠨᠡᠷᠡᠯᠡᠵᠦ᠂ ᠮᠣᠩᠭᠤᠯ ᠭᠡᠷ ᠤᠨ ᠬᠤᠶᠢᠲᠤ ᠬᠠᠨ᠎ᠠ ᠳᠤ ᠤᠶᠠᠵᠤ ᠰᠢᠳᠦᠳᠡᠭ᠃ ᠡᠨᠡ ᠬᠦ ᠦᠬᠡᠷ ᠴᠢᠯᠠᠭᠤ ᠶᠢ ᠰᠢᠲᠦᠬᠦ ᠨᠢ ᠶᠡᠭᠡ ᠰᠠᠯᠬᠢᠨ ᠳᠤ ᠭᠡᠷ ᠢᠶᠠᠨ ᠬᠠᠮᠠᠭᠠᠯᠠᠵᠤ ᠪᠠᠶᠢᠠᠭ ᠤᠴᠢᠷᠲᠠᠢ᠃ ᠵᠢᠵᠢᠭᠬᠡᠨ ᠦᠬᠡᠷ ᠴᠢᠯᠠᠭᠤ ᠶᠡᠭᠡ ᠷᠢᠳᠢ ᠰᠢᠳᠢ ᠲᠠᠢ ᠪᠠᠶᠢᠵᠤ᠂ ᠶᠠᠮᠠᠷ ᠴᠤ ᠶᠡᠭᠡ ᠰᠠᠯᠬᠢᠨ ᠠᠴᠠ ᠭᠡᠷ ᠰᠠᠭᠤᠴᠠ ᠶᠢ ᠎ ᠨᠢ ᠬᠠᠮᠠᠭᠠᠯᠠᠵᠤ ᠴᠢᠳᠠᠨ᠎ᠠ ᠭᠡᠵᠦ ᠰᠢᠢᠳᠦᠭᠴᠢᠳ ᠬᠡᠯᠡᠳᠡᠭ ᠪᠠᠶᠢᠵᠠᠢ᠃         ᠲᠦᠷᠦᠭᠰᠡᠨ ᠨᠤᠲᠤᠭ ᠠᠴᠠ ᠰᠠᠯᠵᠤ ᠬᠠᠷᠢ ᠬᠤᠰᠢᠭᠤ ᠨᠤᠲᠤᠭ ᠲᠤ ᠣᠴᠢᠬᠤ ᠪᠣᠶᠣ ᠠᠶᠠᠨ ᠵᠢᠩ ᠳᠤ ᠶᠠᠪᠤᠬᠤ ᠬᠦᠮᠦᠨ᠂ ᠴᠡᠷᠢᠭ ᠤᠨ ᠠᠯᠪᠠᠨ ᠳᠤ ᠮᠤᠷᠳᠠᠭᠰᠠᠨ ᠬᠦᠮᠦᠨ ᠦᠪᠡᠷ ᠤᠨ ᠨᠤᠲᠤᠭ ᠤᠨ ᠢᠶᠠᠨ ᠴᠢᠯᠠᠭᠤ᠂ ᠡᠰᠡᠭᠦᠯ᠎ᠡ ᠲᠠᠬᠢᠳᠠᠭ ᠣᠪᠣᠭᠠᠨ ᠤ ᠴᠢᠯᠠᠭᠤᠨ ᠠᠴᠠ ᠠᠪᠴᠤ ᠬᠠᠳᠠᠭ ᠲᠤ ᠪᠤᠭᠤᠵᠤ ᠬᠠᠳᠠᠭᠠᠯᠠᠨ᠂ ᠣᠪᠣᠭ᠎ᠠ ᠲᠠᠬᠢᠬᠤ ᠡᠳᠦᠷ ᠪᠣᠶᠣ ᠴᠠᠭᠠᠨ ᠰᠠᠷ᠎ᠠ ᠳᠠᠭᠠᠨ ᠡᠰᠡᠭᠦᠯ᠎ᠡ ᠭᠠᠢ ᠪᠠᠷᠴᠢᠳ ᠲᠤ ᠤᠴᠠᠷᠠᠬᠤ ᠦᠶ᠎ᠡ ᠳᠤ ᠨᠤᠲᠤᠭ ᠤᠨ ᠢᠶᠠᠨ ᠴᠢᠯᠠᠭᠤ ᠶᠢ ᠭᠠᠷᠭᠠᠵᠤ ᠰᠦ ᠡᠷᠭᠦᠨ ᠮᠦᠷᠭᠦᠵᠦ ᠳᠠᠭᠠᠳᠬᠠᠨ ᠰᠢᠳᠦᠵᠦ ᠲᠠᠬᠢᠳᠠᠭ ᠵᠠᠩᠰᠢᠯ ᠲᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号