ᠬᠡᠦᠬᠡᠳ ᠤᠨ ᠲᠤᠭᠯᠠᠭᠠᠮ ᠤᠳ ︵ᠬᠤᠶᠠᠷ︶
ᠨᠡᠶᠢᠲᠡᠯᠡᠭᠰᠡᠨ ᠴᠠᠭ᠄
2020/6/28
            ᠨᠣᠣᠰᠤᠨ ᠪᠥᠮᠪᠦᠭᠡ ᠨᠠᠭᠠᠳᠬᠤ             ᠨᠣᠣᠰᠤᠨ ᠪᠥᠮᠪᠦᠭᠡ ᠪᠣᠯ ᠬᠠᠪᠤᠷ ᠦᠬᠡᠷ ᠤᠨ ᠨᠣᠣᠰᠣ ᠶᠢ ᠰᠠᠮᠨᠠᠨ ᠠᠪᠴᠤ ᠦᠪᠡᠷᠲᠡᠭᠡᠨ ᠬᠢᠳᠡᠭ᠃ ᠴᠠᠭᠠᠨ ᠦᠬᠡᠷ ᠤᠨ ᠨᠣᠣᠰᠣ ᠪᠠᠷ ᠤᠯᠠᠭᠠᠨ ᠪᠥᠮᠪᠦᠭᠡ ᠬᠢᠵᠦ᠂ ᠬᠠᠷ᠎ᠠ ᠦᠬᠡᠷ ᠤᠨ ᠨᠣᠣᠰᠣ ᠪᠠᠷ ᠬᠠᠷ᠎ᠠ ᠪᠥᠮᠪᠦᠭᠡ᠂ ᠠᠯᠠᠭ ᠨᠣᠣᠰᠣ ᠪᠠᠷ ᠠᠯᠠᠭ ᠡᠷᠢᠶᠡᠨ ᠪᠥᠮᠪᠦᠭᠡ ᠬᠢᠵᠦ ᠲᠣᠰ ᠲᠣᠰ ᠨᠠᠭᠠᠳᠬᠤ ᠪᠦᠭᠡᠳ ᠪᠥᠮᠪᠦᠭᠡ ᠪᠠᠨ ᠪᠦᠳᠦᠭᠦᠨ ᠰᠢᠭ ᠬᠢᠵᠦ ᠢᠰᠭᠦᠯᠵᠦ ᠨᠠᠭᠠᠳᠤᠨ᠎ᠠ᠃ ᠵᠢᠵᠢᠭᠭᠡᠨ ᠰᠢᠭ ᠪᠦᠮᠪᠦᠭᠡ ᠬᠢᠵᠦ ᠲᠡᠪᠡᠭ ᠨᠠᠭᠠᠳᠤᠨ᠎ᠠ᠃ ᠡᠨᠡ ᠪᠣᠯ ᠮᠣᠩᠭᠤᠯ ᠬᠡᠦᠬᠡᠳ ᠤᠨ ᠦᠷᠭᠦᠯᠵᠢ ᠨᠠᠭᠠᠳᠬᠤ ᠨᠢᠭᠡᠨ ᠵᠦᠢᠯ ᠤᠨ ᠪᠡᠶ᠎ᠡ ᠲᠠᠮᠢᠷ ᠤᠨ ᠠᠵᠢᠯᠯᠠᠭ᠎ᠠ ᠪᠣᠯᠣᠨ᠎ᠠ᠃             ᠴᠢᠯᠠᠭᠤᠨ ᠭᠡᠷ ᠪᠠᠷᠢᠵᠤ ᠨᠠᠭᠠᠳᠬᠤ             ᠡᠨᠡ ᠪᠣᠯ ᠮᠠᠯᠵᠢᠬᠤ ᠣᠷᠤᠨ ᠤ ᠮᠣᠩᠭᠤᠯ ᠬᠡᠦᠬᠡᠳ ᠤᠨ ᠦᠷᠭᠦᠯᠵᠢ ᠨᠠᠭᠠᠳᠬᠤ ᠡᠩ ᠤᠨ ᠪᠦᠭᠡᠳ ᠲᠦᠭᠡᠮᠡᠯ ᠲᠤᠭᠯᠠᠭᠠᠮ ᠪᠣᠯᠣᠨ᠎ᠠ᠃ ᠬᠡᠳᠦᠶᠢᠪᠡᠷ ᠵᠢᠵᠢᠭ ᠴᠢᠯᠠᠭᠤ ᠪᠠᠷ ᠵᠣᠬᠢᠶᠠᠵᠤ ᠨᠠᠭᠠᠳᠬᠤ ᠡᠩ ᠤᠨ ᠲᠣᠭᠯᠠᠭᠠᠮ ᠰᠢᠭ᠋ ᠪᠤᠯᠪᠠᠴᠤ ᠠᠮᠢᠳᠤᠷᠠᠯ ᠠᠴᠠ ᠡᠬᠢ ᠰᠤᠷᠪᠤᠯᠵᠢ ᠠᠪᠴᠤ ᠭᠡᠷ ᠡᠷᠦᠬᠡ᠂ ᠮᠠᠯᠵᠢᠬᠤ ᠠᠮᠢᠳᠤᠷᠠᠯ ᠠᠴᠠ ᠰᠡᠳᠦᠪᠴᠢᠯᠡᠨ ᠵᠤᠬᠢᠶᠠᠭᠳᠠᠭᠰᠠᠨ ᠪᠠᠶᠠᠯᠢᠭ ᠠᠭᠤᠯᠭ᠎ᠠ ᠰᠠᠨᠠᠭ᠎ᠠ ᠪᠦᠬᠦᠢ ᠲᠤᠭᠯᠠᠭᠠᠮ ᠭᠡᠵᠦ ᠬᠡᠯᠡᠵᠦ ᠪᠣᠯᠤᠨ᠎ᠠ᠃             ᠡᠨᠡ ᠲᠤᠭᠯᠠᠭᠠᠮ ᠢ ᠬᠤᠷᠠᠭ ᠤᠨ ᠬᠡᠦᠬᠡᠳ ᠵᠢᠴᠢ ᠰᠤᠷᠭᠠᠭᠤᠯᠢ ᠳᠤ ᠣᠷᠤᠬᠤ ᠠᠴᠠ ᠡᠮᠦᠨᠡᠬᠢ ᠨᠠᠰᠤᠨ ᠤ ᠬᠡᠦᠬᠡᠳ ᠤᠳ ᠬᠦᠳᠡᠭᠡ ᠭᠠᠳᠠᠨ᠎ᠠ ᠪᠣᠶᠣ ᠭᠡᠷ ᠤᠨ ᠢᠶᠠᠨ ᠭᠠᠳᠠᠨ᠎ᠠ ᠵᠢᠵᠢᠭ ᠴᠢᠯᠠᠭᠤ ᠪᠠᠷ ᠳᠤᠭᠤᠢ ᠬᠡᠯᠪᠡᠷᠢ ᠎ ᠲᠠᠢ ︵ᠮᠣᠩᠭᠤᠯ ᠭᠡᠷ ᠤᠨ ᠶᠠᠩᠵᠤ︶ ᠵᠡᠷᠭᠡᠯᠡᠨ ᠵᠣᠬᠢᠶᠠᠵᠤ ᠭᠡᠷ ᠤᠨ ᠡᠳ᠋ᠯᠡᠯ ᠬᠡᠷᠡᠭᠰᠡᠯ᠂ ᠮᠠᠯ ᠤᠨᠤᠭ᠎ᠠ ᠵᠡᠷᠭᠡ ᠠᠳᠠᠯᠢ ᠪᠣᠰᠤ ᠳᠦᠷᠰᠦ ᠶᠢ ᠴᠢᠯᠠᠭᠤ ᠪᠠᠷ ᠲᠥᠯᠦᠭᠡᠯᠡᠨ ᠵᠤᠬᠢᠶᠠᠨ ᠨᠠᠭᠠᠳᠤᠨ᠎ᠠ᠃ ᠲᠠᠪᠤᠨ ᠬᠠᠨ᠎ᠠ ᠲᠠᠢ᠂ ᠵᠢᠷᠭᠤᠭᠠᠨ ᠬᠠᠨ᠎ᠠ ᠲᠠᠢ ᠭᠡᠷ ᠭᠡᠮᠡᠨ ᠶᠡᠭᠡ ᠪᠠᠭ᠎ᠠ ᠨᠢ ᠠᠳᠠᠯᠢ ᠦᠭᠡᠢ ᠭᠡᠷ ᠪᠠᠷᠢᠵᠤ᠂ ᠭᠠᠳᠠᠨ᠎ᠠ ᠪᠠᠨ ᠴᠠᠭᠠᠨ ᠴᠢᠯᠠᠭᠤ ᠪᠠᠷ ᠬᠤᠨᠢ ᠪᠤᠯᠭᠠᠨ᠂ ᠲᠡᠮᠡᠭᠡᠨ ᠳᠦᠷᠰᠦ ᠲᠠᠢ ᠴᠢᠯᠠᠭᠤ ᠪᠠᠷ ᠲᠡᠮᠡᠭᠡ ᠪᠣᠯᠭᠠᠵᠤ᠂ ᠦᠬᠡᠷ ᠠᠳᠤᠭᠤ ᠰᠢᠭ᠋ ᠳᠦᠷᠰᠦ ᠲᠠᠢ ᠴᠢᠯᠠᠭᠤ ᠎ ᠪᠠᠷ ᠠᠳᠤᠭᠤ ᠦᠬᠡᠷ ᠪᠤᠯᠭᠠᠨ ᠲᠠᠪᠤᠨ ᠬᠤᠰᠢᠭᠤ ᠮᠠᠯ ᠬᠢᠵᠦ᠂ ᠨᠠᠭᠠᠳᠤᠮ ᠡᠭᠦᠰᠭᠡᠨ᠂ ᠠᠶᠢᠯ ᠰᠠᠬᠠᠭᠠᠯᠲᠠ ᠪᠠᠭᠤᠯ᠎ᠠ ᠭᠡᠬᠦ ᠪᠣᠶᠤ ᠭᠡᠷ ᠡᠷᠦᠬᠡ ᠶᠢᠨ ᠠᠮᠢᠳᠤᠷᠠᠯ ᠢᠶᠠᠷ ᠵᠠᠭᠪᠤᠷᠴᠢᠯᠠᠨ ᠳᠠᠭᠤᠷᠢᠶᠠᠵᠤ ᠨᠠᠭᠠᠳᠳᠠᠭ ᠰᠤᠨᠢᠷᠬᠠᠯ ᠲᠠᠢ ᠲᠤᠭᠯᠠᠭᠠᠮ ᠪᠢᠯᠡ᠃             ᠮᠣᠩᠭᠤᠯ ᠲᠦᠯᠬᠢᠭᠦᠷ ︵ᠲᠠᠮᠤ ᠶᠢᠨ ᠤᠨᠢᠰᠤ︶             ᠡᠨᠡ ᠲᠤᠭᠯᠠᠭᠠᠮ ᠪᠣᠯ ᠮᠣᠩᠭᠤᠯ ᠬᠡᠦᠬᠡᠳ ᠤᠨ ᠤᠨᠢᠰᠤᠨ ᠲᠤᠭᠯᠠᠭᠠᠮ ᠪᠣᠯᠣᠨ᠎ᠠ᠃ ᠡᠨᠡ ᠲᠤᠭᠯᠠᠭᠠᠮ ᠶᠢᠰᠦᠨ ᠭᠠᠷᠠᠬ᠎ᠠ ᠲᠠᠢ᠃ ᠡᠭᠦᠨ ᠢ 681 ᠤᠳᠠᠭ᠎ᠠ ᠴᠤᠤᠵᠢᠯᠠᠵᠤ ᠪᠠᠶᠢᠮᠠᠨ ᠰᠠᠶ᠋ᠢ ᠭᠠᠷᠭᠠᠨ᠎ᠠ᠃ ᠪᠠᠰᠠ ᠭᠤᠷᠪᠠᠨ ᠭᠠᠷᠠᠬ᠎ᠠ ᠲᠠᠢ ᠮᠣᠩᠭᠤᠯ ᠲᠦᠯᠬᠢᠭᠦᠷ ᠢ ᠶᠢᠰᠦ ᠤᠳᠠᠭ᠎ᠠ ᠲᠦᠯᠬᠢᠵᠦ ᠶᠢᠰᠦ ᠤᠳᠠᠭ᠎ᠠ ᠴᠤᠤᠵᠢᠯᠠᠨ ᠪᠠᠶᠢᠵᠤ ᠰᠠᠶ᠋ᠢ ᠭᠠᠷᠭᠠᠨ᠎ᠠ᠃ ᠡᠨᠡ ᠬᠦ ᠮᠣᠩᠭᠤᠯ ᠲᠦᠯᠬᠢᠭᠦᠷ ᠢ ᠲᠠᠮᠤ ᠶᠢᠨ ᠤᠨᠢᠰᠤ᠂ ᠬᠡᠨ ᠬᠦᠮᠦᠨ ᠡᠬᠢᠯᠡᠵᠦ ᠨᠠᠭᠠᠳᠪᠠᠯ ᠵᠠᠪᠠᠯ ᠭᠠᠷᠭᠠᠵᠤ ᠪᠠᠷᠠᠬᠤ ᠬᠡᠷᠡᠭᠲᠡᠢ᠃ ᠦᠭᠡᠢ ᠪᠣᠯ ᠲᠠᠮᠤ ᠳᠤ ᠰᠠᠭᠤᠭᠰᠠᠨ ᠲᠠᠢ ᠠᠳᠠᠯᠢ ᠭᠡᠳᠡᠭ᠃ ᠮᠣᠩᠭᠤᠯ ᠲᠦᠯᠬᠢᠭᠦᠷ ᠨᠢ ᠨᠢᠭᠡᠨ ᠣᠶᠤᠨ ᠰᠡᠷᠭᠦᠭᠡᠬᠦ ᠠᠭᠤᠯᠭ᠎ᠠ ᠲᠠᠢ ᠬᠡᠦᠬᠡᠳ ᠤᠨ ᠲᠤᠭᠯᠠᠭᠠᠮ ᠪᠣᠯᠬᠤ ᠶᠤᠮ᠃             ᠲᠡᠪᠡᠭ ᠢᠰᠭᠦᠯᠬᠦ ᠲᠤᠭᠯᠠᠭᠠᠮ             ᠬᠡᠦᠬᠡᠳ ᠤᠨ ᠨᠢᠭᠡᠨ ᠵᠦᠢᠯ ᠤᠨ ᠲᠠᠮᠢᠷ ᠤᠨ ᠲᠤᠭᠯᠠᠭᠠᠮ ᠶᠤᠮ᠃ ᠠᠳᠤᠭᠤᠨ ᠤ ᠳᠡᠯ ᠰᠡᠭᠦᠯ ᠢᠶᠠᠷ ᠲᠤᠭᠤᠯᠭ᠎ᠠ ᠶᠢᠨ ᠬᠠᠪᠲᠠᠭᠠᠢ ᠳᠤ ᠵᠤᠬᠢᠶᠠᠵᠤ ᠬᠢᠳᠡᠭ᠃ ᠬᠡᠦᠬᠡᠳ ᠤᠳ ᠬᠠᠷᠠᠬᠠᠨ ᠪᠠᠭ᠎ᠠ ᠠᠴᠠ ᠲᠡᠪᠡᠭ ᠢᠰᠭᠦᠯᠵᠦ ᠤᠷᠤᠯᠳᠤᠨ ᠨᠠᠭᠠᠳᠳᠠᠭ ᠪᠦᠭᠡᠳ ᠤᠯᠠᠨ ᠶᠠᠩᠵᠤ ᠪᠠᠷ ᠬᠤᠪᠢᠷᠠᠭᠤᠯᠤᠨ ᠨᠠᠭᠠᠳᠴᠤ ᠪᠣᠯᠳᠠᠭ ᠬᠡᠦᠬᠡᠳ ᠤᠳ ᠤᠨ ᠦᠷᠭᠦᠯᠵᠢ ᠶᠢᠨ ᠲᠤᠭᠯᠠᠭᠠᠮ ᠶᠤᠮ᠃ ᠡᠨᠡ ᠲᠤᠭᠯᠠᠭᠠᠮ ᠪᠣᠯ ᠬᠡᠦᠬᠡᠳ ᠤᠨ ᠨᠢᠳᠦᠨ ᠬᠠᠷᠠᠭ᠎ᠠ ᠪᠠ ᠪᠡᠶ᠎ᠡ ᠶᠢ ᠪᠤᠯᠪᠠᠰᠤᠷᠠᠭᠤᠯᠬᠤ ᠰᠠᠶᠢᠬᠠᠨ ᠲᠤᠭᠯᠠᠭᠠᠮ ᠪᠤᠯᠤᠨ᠎ᠠ᠃             ᠳᠡᠭᠡᠰᠦ ᠦᠰᠦᠷᠬᠦ             ᠳᠡᠭᠡᠰᠦ ᠦᠰᠦᠷᠬᠦ ᠲᠤᠭᠯᠠᠭᠠᠮ ᠪᠣᠯ ᠰᠤᠷᠭᠠᠭᠤᠯᠢ ᠶᠢᠨ ᠨᠠᠰᠤᠨ ᠤ ᠬᠡᠦᠬᠡᠳ ᠤᠨ ᠨᠠᠭᠠᠳᠳᠠᠭ ᠨᠢᠭᠡ ᠵᠦᠢᠯ ᠤᠨ ᠪᠡᠶ᠎ᠡ ᠲᠠᠮᠢᠷ ᠤᠨ ᠠᠵᠢᠯᠯᠠᠭ᠎ᠠ ᠪᠤᠯᠤᠨ᠎ᠠ᠃ ᠡᠨᠡ ᠨᠠᠭᠠᠳᠤᠮ ᠢ ᠬᠤᠶᠠᠷ ᠶᠠᠩᠵᠤ ᠪᠠᠷ ᠲᠣᠭᠯᠠᠳᠠᠭ᠃ ᠨᠢᠭᠡ ᠎ ᠨᠢ ᠣᠯᠠᠨ ᠬᠡᠦᠬᠡᠳ ᠤᠳ ᠬᠤᠶᠢᠨ᠎ᠠ ᠬᠤᠶᠢᠨ᠎ᠠ ᠠᠴᠠ ᠪᠠᠨ ᠮᠦᠷᠯᠡᠵᠦ ᠵᠢᠭᠰᠠᠭᠠᠳ ᠬᠤᠶᠠᠷ ᠬᠡᠦᠬᠡᠳ ᠳᠡᠭᠡᠰᠦ ᠡᠷᠬᠢᠭᠦᠯᠬᠦ ᠳᠤ ᠬᠡᠦᠬᠡᠳ ᠤᠳ ᠳᠡᠭᠡᠰᠦᠨ ᠳᠤᠤᠭᠤᠷ ᠰᠢᠷᠭᠤᠨ ᠣᠷᠤᠵᠤ ᠦᠰᠦᠷᠦᠨ᠎ᠡ᠃ ᠬᠡᠨ ᠨᠢ ᠳᠡᠭᠡᠰᠦᠨ ᠳᠤ ᠲᠣᠷᠴᠤ ᠲᠡᠭᠡᠭᠯᠡᠪᠡᠯ ᠲᠡᠷᠡ ᠨᠢ ᠳᠡᠭᠡᠰᠦ ᠡᠷᠬᠢᠭᠦᠯᠵᠦ ᠪᠣᠰᠤᠳ ᠨᠢ ᠡᠭᠡᠯᠵᠢᠯᠡᠨ ᠲᠣᠭᠯᠠᠵᠤ ᠨᠠᠭᠠᠳᠬᠤ ᠪᠦᠭᠡᠳ ᠬᠡᠳᠦᠨ ᠬᠡᠦᠬᠡᠳ ᠨᠠᠭᠠᠳᠴᠤ ᠪᠤᠯᠤᠨ᠎ᠠ᠃ ᠨᠦᠭᠦᠭᠡ ᠨᠢ ᠬᠡᠦᠭᠡᠳ ᠤᠳ ᠭᠠᠭᠴᠠ ᠭᠠᠭᠴᠠ ᠪᠠᠷ ᠢᠶᠠᠨ ᠳᠡᠭᠡᠰᠦ ᠦᠰᠦᠷᠴᠦ ᠨᠠᠭᠠᠳᠤᠨ᠎ᠠ᠃ ᠡᠨᠡ ᠮᠡᠲᠦ ᠪᠠᠷ ᠬᠡᠦᠬᠡᠳ ᠤᠳ ᠴᠢᠯᠦᠭᠡ ᠴᠠᠭ ᠲᠠᠭᠠᠨ ᠭᠡᠳᠦᠭᠦᠯᠡ ᠨᠡᠶᠢᠯᠡᠵᠦ ᠳᠡᠭᠡᠰᠦ ᠦᠰᠦᠷᠦᠨ ᠬᠦᠭᠡᠷᠦᠯᠳᠦᠨ ᠨᠠᠭᠠᠳᠳᠠᠭ᠃             ᠨᠢᠭᠤᠯᠴᠠᠭ᠎ᠠ ᠬᠢᠬᠦ             ᠬᠡᠦᠬᠡᠳ ᠤᠳ ᠦᠷᠭᠦᠯᠵᠢ ᠨᠢᠭᠤᠯᠴᠠᠭ᠎ᠠ ᠬᠢᠵᠦ ᠨᠠᠭᠠᠳᠳᠠᠭ᠃ ᠡᠨᠡ ᠲᠤᠭᠯᠠᠭᠠᠮ ᠨᠢ ᠭᠡᠳᠦᠨ ᠬᠡᠦᠬᠡᠳ ᠨᠡᠶᠢᠯᠡᠵᠦ ᠨᠢᠭᠡ ᠨᠢ ᠪᠤᠰᠤᠳ ᠠᠴᠠ ᠪᠠᠨ ᠨᠢᠭᠤᠵᠤ᠂ ᠪᠤᠰᠤᠳ ᠬᠡᠦᠬᠡᠳ ᠲᠡᠭᠦᠨ ᠢ ᠡᠷᠢᠵᠦ ᠣᠯᠬᠤ ᠪᠠᠷ ᠴᠢᠷᠮᠠᠶᠢᠨ᠎ᠠ᠃ ᠬᠡᠨ ᠨᠢ ᠨᠢᠭᠤᠭᠳᠠᠭᠰᠠᠨ ᠬᠡᠦᠬᠡᠳ ᠢ ᠤᠷᠢᠳ ᠢᠶᠠᠷ ᠡᠷᠢᠵᠦ ᠣᠯᠪᠠᠯ ᠱᠦᠭᠦᠵᠦ᠂ ᠤᠯᠠᠨ ᠢᠶᠠᠷ ᠢᠶᠠᠨ ᠲᠠᠬᠢᠵᠤ ᠨᠢᠭᠡ ᠬᠡᠦᠬᠡᠳ ᠢᠶᠠᠨ ᠰᠤᠩᠭᠤᠵᠤ ᠨᠢᠭᠤᠯᠴᠠᠭ᠎ᠠ ᠬᠢᠵᠦ ᠨᠠᠭᠠᠳᠳᠠᠭ᠃             ᠤᠨᠢᠰᠤᠭ᠎ᠠ ᠲᠠᠭᠠᠬᠤ             ᠨᠠᠮᠤᠷ ᠡᠪᠦᠯ ᠪᠣᠶᠤ ᠴᠢᠯᠦᠭᠡ ᠴᠠᠭ ᠲᠤ ᠭᠡᠷ ᠤᠨ ᠠᠬᠠᠮᠠᠳ ᠨᠢ ᠬᠡᠦᠬᠡᠳ ᠲᠡᠭᠡᠨ ᠤᠨᠢᠰᠤᠭ᠎ᠠ ᠬᠡᠯᠡᠵᠦ ᠲᠠᠭᠠᠵᠤ ᠨᠠᠭᠠᠳᠳᠠᠭ᠃ ᠡᠨᠡ ᠪᠣᠯ ᠬᠡᠦᠬᠡᠳ ᠤᠨ ᠤᠶᠤᠨ ᠤᠬᠠᠭᠠᠨ᠂ ᠮᠡᠳᠡᠯᠭᠡ ᠶᠢ ᠳᠡᠭᠡᠭᠰᠢᠯᠡᠭᠦᠯᠬᠦ ᠤᠶᠤᠨ ᠤ ᠲᠤᠭᠯᠠᠭᠠᠮ ᠶᠤᠮ᠃ ᠭᠡᠷ ᠤᠨ ᠠᠬᠠᠮᠠᠳ ᠨᠠᠰᠤᠲᠠᠶᠢᠴᠤᠳ ᠨᠢ ᠱᠤᠭ ᠭᠠᠷᠭᠠᠨ ︽ᠣᠨᠢᠰᠤᠭ᠎ᠠ ᠶᠢᠨ ᠲᠦᠷᠦᠭᠦᠨ ᠳᠤ ᠤᠯᠠᠶᠢᠭᠰᠠᠨ ᠰᠤᠬᠤᠷ᠂ ᠣᠯᠤᠰᠤᠨ ᠳᠡᠭᠡᠰᠦ ᠪᠠᠷ ᠪᠤᠭᠤᠯᠭᠠᠭᠰᠠᠨ ᠰᠤᠬᠤᠷ︾ ᠭᠡᠵᠦ ᠬᠡᠯᠡᠭᠡᠳ᠂ ᠣᠳᠣ ᠬᠡᠨ ᠣᠨᠢᠰᠤᠭ᠎ᠠ ᠲᠠᠭᠠᠬᠤ ᠪᠣᠢ ᠭᠡᠵᠦ ᠠᠰᠠᠭᠤᠨ᠎ᠠ᠃ ᠬᠡᠦᠬᠡᠳ ᠤᠳ ᠪᠤᠯᠢᠶᠠᠯᠳᠤᠨ ᠳᠠᠭᠠᠨ᠎ᠠ᠃ ᠬᠡᠦᠬᠡᠳ ᠤᠳ ᠤᠯᠠᠨ ᠤᠨᠢᠰᠤᠭ᠎ᠠ ᠴᠡᠭᠡᠵᠢᠯᠡᠵᠦ ᠪᠡᠶ᠎ᠡ ᠪᠡᠶ᠎ᠡ  ᠠᠴᠠ ᠪᠠᠨ ᠠᠰᠠᠭᠤᠵᠤ ᠲᠠᠭᠠᠵᠤ ᠨᠠᠭᠠᠳᠬᠤ ᠴᠤ ᠪᠣᠢ᠃             ᠨᠡᠯᠢᠶᠡᠳ ᠳᠡᠭᠡᠷ᠎ᠡ ᠦᠶ᠎ᠡ ᠠᠴᠠ ᠡᠬᠢᠯᠡᠵᠦ ᠠᠬᠠᠮᠠᠳ ᠨᠠᠰᠤᠲᠠᠶᠢᠴᠤᠳ ᠣᠨᠢᠰᠤᠭ᠎ᠠ ᠲᠠᠭᠠᠬᠤ ᠠᠷᠭ᠎ᠠ ᠎ ᠪᠠᠷ ᠬᠡᠦᠬᠡᠳ ᠪᠠᠭᠠᠴᠤᠳ ᠢᠶᠠᠨ ᠰᠤᠷᠭᠠᠵᠤ᠂ ᠤᠯᠠᠨ ᠮᠡᠳᠡᠯᠭᠡ ᠬᠦᠮᠦᠵᠢᠯ ᠬᠦᠷᠲᠡᠭᠡᠵᠦ ᠰᠤᠷᠭᠠᠳᠠᠭ ᠪᠠᠶᠢᠵᠠᠢ᠃ ᠡᠶᠢᠮᠦ ᠠᠴᠠ ᠬᠡᠦᠬᠡᠳ ᠤᠳ ᠤᠨᠢᠰᠤᠭ᠎ᠠ ᠲᠠᠭᠠᠵᠤ ᠨᠠᠭᠠᠳᠬᠤ ᠮᠠᠰᠢ ᠳᠤᠷᠠᠲᠠᠢ ᠪᠠᠶᠢᠳᠠᠭ᠃             ᠦᠯᠢᠭᠡᠷ ᠬᠡᠯᠡᠬᠦ             ᠮᠠᠨ ᠤ ᠰᠦᠨᠢᠳᠴᠤᠳ ᠦᠯᠢᠭᠡᠷ ᠬᠡᠯᠡᠬᠦ ᠶᠡᠭᠡ ᠳᠤᠷᠠᠲᠠᠢ᠃ ᠨᠡᠩ ᠴᠤ ᠡᠪᠦᠯ ᠤᠨ ᠤᠷᠲᠤ ᠰᠦᠨᠢ ᠬᠡᠦᠬᠡᠳ ᠪᠠᠭᠠᠴᠤᠳ ᠲᠠᠭᠠᠨ ᠡᠷᠲᠡᠨ ᠤ ᠮᠠᠩᠭᠤᠰ ᠳᠠᠷᠤᠭᠰᠠᠨ ᠦᠯᠢᠭᠡᠷ᠂ ᠮᠢᠬᠠᠴᠢᠨ ᠤ ᠦᠯᠢᠭᠡᠷ᠂ ᠳᠤᠮᠤᠭ ᠦᠯᠢᠭᠡᠷ᠂ ᠲᠣᠣᠯᠢᠰ ᠤᠨ ᠦᠯᠢᠭᠡᠷ ᠠᠴᠠ ᠬᠡᠯᠡᠵᠦ ᠦᠭᠳᠡᠭ ᠵᠠᠩᠰᠢᠯ ᠲᠠᠢ ᠪᠦᠭᠡᠳ ᠬᠡᠦᠬᠡᠳ ᠪᠠᠭᠠᠴᠤᠳ ᠲᠠᠭᠠᠨ ᠴᠡᠭᠡᠵᠢᠯᠡᠭᠦᠯᠵᠦ᠂ ᠦᠯᠢᠭᠡᠷ ᠤᠨ ᠤᠯᠠᠨ ᠶᠣᠰᠤ ᠤᠴᠢᠷ ᠢ ᠲᠠᠨᠢᠭᠤᠯᠵᠤ ᠰᠤᠷᠭᠠᠳᠠᠭ᠃ ᠡᠶᠢᠮᠦ ᠠᠴᠠ ᠮᠠᠰᠢ ᠤᠯᠠᠨ ᠡᠷᠲᠡᠨ ᠤ ᠦᠯᠢᠭᠡᠷ ᠳᠤᠮᠤᠭ ᠠᠮᠠᠨ ᠶᠠᠷᠢᠶᠠᠨ ᠠᠴᠠ ᠤᠯᠠᠮᠵᠢᠯᠠᠭᠳᠠᠵᠤ ᠣᠳᠣ ᠬᠦᠷᠲᠡᠯ᠎ᠡ ᠰᠤᠶᠤᠯ ᠤᠨ ᠥᠪ ᠬᠦᠷᠦᠩᠭᠡ ᠪᠤᠯᠤᠭᠰᠠᠭᠠᠷ ᠪᠠᠶᠢᠨ᠎ᠠ᠃             ᠨᠡᠩ ᠢᠯᠠᠩᠭᠤᠶ᠎ᠠ ᠬᠡᠦᠬᠡᠳ ᠤᠳ ᠮᠠᠩᠭᠤᠰ ᠳᠠᠷᠤᠭᠰᠠᠨ ᠪᠠᠭᠠᠲᠤᠷᠯᠢᠭ ᠲᠣᠣᠯᠢ ᠶᠢ ᠰᠤᠨᠤᠰᠬᠤ ᠳᠤᠷᠠᠲᠠᠢ ᠪᠦᠭᠡᠳ ᠪᠦᠷ ᠴᠡᠭᠡᠵᠢᠯᠡᠵᠦ ᠶᠠᠷᠢᠵᠤ ᠴᠢᠳᠠᠳᠠᠭ ᠪᠠᠶᠢᠵᠠᠢ᠃ ᠮᠦᠨ ᠲᠡᠭᠷᠢ ᠮᠠᠭᠤᠬᠠᠢ ᠤᠷᠲᠤ ᠰᠦᠨᠢ ᠮᠠᠨᠠᠭᠠᠨ ᠳᠤ ᠰᠠᠭᠤᠭ᠎ᠠ ᠬᠦᠮᠦᠰ ᠦᠯᠢᠭᠡᠷ ᠳᠤᠮᠤᠭ ᠶᠠᠷᠢᠵᠤ ᠰᠠᠭᠤᠬᠤ ᠨᠢ ᠣᠯᠠᠨ ᠪᠠᠶᠢᠳᠠᠭ᠃ ᠬᠡᠦᠬᠡᠳ ᠤᠳ ᠴᠤ ᠦᠯᠢᠭᠡᠷ ᠳᠤᠮᠤᠭ ᠰᠤᠨᠤᠰᠬᠤ ᠲᠤᠶᠢᠯ ᠤᠨ ᠳᠤᠷ᠎ᠠ ᠪᠠᠭ᠋ᠠᠲᠠᠢ᠃             ᠱᠠᠭ᠎ᠠ ᠲᠤᠭᠯᠠᠭᠠᠮ             ᠱᠠᠭ᠎ᠠ ᠲᠤᠭᠯᠠᠭᠠᠮ ᠪᠣᠯ ᠬᠡᠦᠬᠡᠳ ᠤᠨ ᠬᠠᠮᠤᠭ ᠠᠷᠪᠢᠨ ᠨᠠᠭᠠᠳᠬᠤ ᠰᠤᠨᠢᠷᠬᠠᠯ ᠲᠠᠢ ᠲᠤᠭᠯᠠᠭᠠᠮ ᠶᠤᠮ᠃ ᠬᠤᠨᠢ ᠢᠮᠠᠭᠠᠨ ᠤ ᠱᠠᠭ᠎ᠠ ᠪᠠ ᠵᠡᠭᠡᠷ᠎ᠡ ᠭᠦᠷᠦᠭᠡᠰᠦ ᠶᠢᠨ ᠱᠠᠭ᠎ᠠ ︵ᠪᠠᠰᠠ ᠦᠬᠡᠷ ᠤᠨ ᠱᠠᠭ᠎ᠠ ᠪᠠᠷ ᠨᠠᠭᠠᠳᠬᠤ ᠴᠤ ᠪᠤᠢ︶᠎ ᠶᠢ ᠤᠯᠠᠨ ᠠᠷᠪᠢᠨ ᠴᠤᠭᠯᠠᠭᠤᠯᠵᠤ᠂ ᠣᠯᠠᠨ ᠵᠦᠢᠯ ᠤᠨ ᠨᠠᠭᠠᠳᠤᠮ ᠡᠭᠦᠰᠬᠡᠵᠦ ᠨᠠᠭᠠᠳᠤᠨ᠎ᠠ᠃  
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号