ᠰᠦᠨᠢᠳ ᠤᠨ ᠱᠠᠭ᠎ᠠ ᠨᠠᠭᠠᠳᠤᠮ — ᠲᠤᠭ᠎ᠠ ᠪᠠᠷᠢᠬᠤ
ᠨᠡᠶᠢᠲᠡᠯᠡᠭᠰᠡᠨ ᠴᠠᠭ᠄
2020/6/5
       ᠰᠦᠨᠢᠳ ᠤᠨ ᠱᠠᠭ᠎ᠠ ᠨᠠᠭᠠᠳᠤᠮ —  ᠲᠤᠭ᠎ᠠ ᠪᠠᠷᠢᠬᠤ        ᠲᠤᠭ᠎ᠠ ᠪᠠᠷᠢᠵᠤ ᠨᠠᠭᠠᠳᠬᠤ ᠶᠢ ᠪᠠᠰᠠ ᠪᠠᠷᠢᠯᠴᠠᠭ᠎ᠠ ᠪᠠᠷᠢᠵᠤ ᠨᠠᠭᠠᠳᠬᠤ ᠭᠡᠵᠦ ᠬᠡᠯᠡᠨ᠎ᠡ᠃ ᠲᠤᠭ᠎ᠠ ᠪᠠᠷᠢᠵᠤ ᠨᠠᠭᠠᠳᠬᠤ ᠳᠤ ᠬᠤᠶᠠᠷ ᠠᠴᠠ ᠳᠡᠭᠡᠭᠰᠢ ᠬᠦᠮᠦᠨ ᠠᠳᠠᠯᠢ ᠲᠤᠭ᠎ᠠ ᠲᠠᠢ ᠱᠠᠭ᠎ᠠ ᠶᠢ ᠬᠤᠪᠢᠶᠠᠨ ᠠᠪᠴᠤ ᠨᠠᠭᠠᠳᠤᠨ᠎ᠠ᠃ ᠲᠤᠭ᠎ᠠ ᠪᠠᠷᠢᠬᠤ ᠨᠢ ᠦᠪᠡᠷ ᠦᠪᠡᠷ ᠤᠨ ᠬᠠᠪᠢᠳᠠᠵᠤ ᠠᠪᠤᠭᠰᠠᠨ ᠱᠠᠭ᠎ᠠ ᠪᠠᠨ ᠭᠠᠷ ᠤᠨ ᠪᠠᠭᠲᠠᠭᠠᠮᠵᠢ ᠶᠤᠮ ᠦᠦ ᠡᠰᠡᠭᠦᠯ᠎ᠡ ᠪᠤᠳᠤᠭᠰᠠᠨ ᠢᠶᠠᠷ ᠢᠶᠠᠨ ᠠᠳᠬᠤᠵᠤ᠂ ᠨᠦᠭᠦᠭᠡ ᠬᠦᠮᠦᠰ ᠤᠨ ᠭᠠᠷ ᠲᠠᠬᠢ ᠱᠠᠭ᠎ᠠ ᠲᠠᠢ ᠨᠡᠶᠢᠯᠡᠭᠦᠯᠦᠨ ᠲᠠᠭᠠᠵᠤ ᠪᠤᠳᠤᠭᠰᠠᠨ ᠲᠤᠭ᠎ᠠ ᠪᠠᠨ ᠬᠡᠯᠡᠨ᠎ᠡ᠃ ᠦᠪᠡᠷ ᠦᠪᠡᠷ ᠢᠶᠠᠨ ᠲᠠᠭᠠᠭᠰᠠᠨ ᠲᠤᠭ᠎ᠠ ᠪᠠᠨ ᠬᠡᠯᠡᠵᠦ ᠪᠠᠷᠠᠭᠰᠠᠨ ᠤ ᠳᠠᠷᠠᠭ᠎ᠠ ᠠᠳᠬᠤᠨ ᠳᠠᠬᠢ ᠱᠠᠭ᠎ᠠ ᠪᠠᠨ ᠭᠠᠷᠭᠠᠵᠤ ᠬᠡᠨ ᠨᠢ ᠲᠠᠭᠠᠷᠠᠭᠤᠯᠤᠭᠰᠠᠨ ᠪᠣᠯ ᠲᠡᠷᠡ ᠬᠦᠮᠦᠨ ᠱᠠᠭ᠎ᠠ ᠶᠢ ᠨᠢ ᠬᠤᠷᠢᠶᠠᠨ ᠠᠪᠤᠨ᠎ᠠ᠃ ᠡᠨᠡ ᠮᠡᠲᠦ ᠪᠠᠷ ᠨᠠᠭᠠᠳᠴᠤ᠂ ᠬᠡᠨ ᠤ ᠬᠢᠨᠢ ᠱᠠᠭ᠎ᠠ ᠤᠷᠢᠳᠠ ᠪᠠᠷ ᠭᠦᠢᠴᠡᠪᠡᠯ ᠱᠦᠭᠦᠭᠳᠡᠵᠦ᠂ ᠬᠠᠮᠤᠭ ᠤᠨ ᠤᠯᠠᠨ ᠱᠠᠭ᠎ᠠ ᠣᠯᠣᠭᠰᠠᠨ ᠬᠦᠮᠦᠨ ᠨᠢ ᠱᠦᠭᠦᠭᠰᠡᠨ ᠢᠶᠠᠷ ᠪᠤᠳᠤᠨ᠎ᠠ᠃ ᠪᠠᠰᠠ ᠬᠤᠭᠤᠰᠤᠨ ᠭᠠᠷ ᠭᠠᠷᠭᠠᠵᠤ ᠪᠣᠰᠣᠳ ᠤᠨ ᠠᠳᠬᠤᠭᠰᠠᠨ ᠱᠠᠭ᠎ᠠ ᠶᠢ ᠲᠠᠭᠠᠵᠤ ᠣᠯᠪᠠᠯ ᠮᠦᠨ ᠨᠠᠭᠠᠳᠤᠮ ᠳᠤ ᠤᠷᠤᠯᠴᠠᠵᠤ ᠪᠤᠯᠤᠨ᠎ᠠ᠃ ᠭᠡᠪᠡᠴᠦ ᠵᠠᠷᠢᠮ ᠭᠠᠵᠠᠷ ᠢᠩᠭᠢᠵᠦ ᠪᠤᠯᠳᠠᠭ ᠦᠭᠡᠢ᠃ ᠡᠨᠡ ᠨᠢ ᠬᠡᠦᠬᠡᠳ ᠪᠠᠭᠠᠴᠤᠳ ᠲᠤ ᠲᠤᠭ᠎ᠠ ᠰᠤᠷᠭᠠᠵᠤ ᠣᠶᠤᠨ ᠤᠬᠠᠭᠠᠨ ᠢ ᠨᠢ ᠨᠡᠭᠡᠭᠡᠭᠳᠡᠭᠦᠯᠬᠦ ᠵᠤᠷᠢᠯᠭ᠎ᠠ ᠲᠠᠢ᠃ ᠬᠦᠭᠰᠢᠨ ᠵᠠᠯᠠᠭᠤ᠂ ᠡᠷᠡᠭᠲᠡᠢ ᠡᠮᠡᠭᠲᠡᠢ ᠢᠯᠭᠠᠭ᠎ᠠ ᠦᠭᠡᠢ ᠨᠠᠭᠠᠳᠴᠤ ᠪᠤᠯᠤᠨ᠎ᠠ᠃        ᠰᠦᠨᠢᠳ ᠤᠨ ᠱᠠᠭ᠎ᠠ ᠨᠠᠭᠠᠳᠤᠮ — ᠳᠤᠭᠤᠢ ᠳᠤᠯᠤᠭ᠎ᠠ ᠬᠠᠶᠠᠬᠤ        ᠡᠨᠡ ᠨᠠᠭᠠᠳᠤᠮ ᠳᠤ ᠱᠠᠭ᠎ᠠ ᠬᠠᠶᠠᠵᠤ ᠪᠠᠶᠢᠭ᠎ᠠ ᠬᠦᠮᠦᠨ ᠦᠭᠡ ᠳᠤᠤᠭᠠᠷᠴᠤ ᠪᠤᠯᠳᠠᠭ ᠦᠭᠡᠢ ᠶᠤᠰᠤᠲᠠᠢ ᠲᠤᠯᠠ ᠳᠤᠭᠤᠢ ᠳᠤᠯᠤᠭ᠎ᠠ ᠬᠠᠶᠠᠬᠤ ᠭᠡᠵᠦ ᠬᠡᠯᠡᠳᠡᠭ ᠪᠠᠶᠢᠨ᠎ᠠ᠃ ᠳᠤᠭᠤᠢ ᠳᠤᠯᠤᠭ᠎ᠠ ᠬᠠᠶᠠᠵᠤ ᠨᠠᠭᠠᠳᠬᠤ ᠳᠤ ᠬᠤᠶᠠᠷ ᠠᠴᠠ ᠳᠡᠭᠡᠭᠰᠢ ᠬᠦᠮᠦᠨ ᠲᠣᠰ ᠪᠦᠷᠢ ᠳᠤᠯᠤᠭᠠᠨ ᠱᠠᠭ᠎ᠠ ᠬᠤᠪᠢᠳᠠᠨ ᠠᠪᠴᠤ ᠨᠢᠰᠠᠯᠵᠤ ᠨᠠᠭᠠᠳᠤᠨ᠎ᠠ᠃ ᠨᠢᠰᠠᠯᠠᠬᠤ ᠳᠠᠭᠠᠨ ︵ᠪᠠᠰᠠ ᠳᠤᠯᠤᠭᠠᠨ ᠱᠠᠭ᠎ᠠ ᠪᠠᠷ ᠡᠭᠡᠯᠵᠢᠯᠡᠨ ᠨᠠᠭᠠᠳᠤᠭᠰᠠᠨ ᠴᠤ ᠪᠤᠯᠤᠨ᠎ᠠ︶ ᠢᠵᠢᠯ ᠲᠥᠷᠦᠯ ᠢᠶᠠᠷ ᠨᠢ ᠨᠢᠰᠠᠯᠠᠬᠤ ᠪᠦᠭᠡᠳ ᠨᠢᠰᠠᠯᠠᠬᠤ ᠦᠭᠡᠢ ᠬᠦᠮᠦᠰ ᠨᠢ ᠱᠠᠭ᠎ᠠ ᠬᠠᠶᠠᠵᠤ ᠨᠢᠰᠠᠯᠵᠤ ᠪᠠᠶᠢᠭ᠎ᠠ ᠬᠦᠮᠦᠨ ᠢᠶᠠᠨ ᠭᠡᠨᠡᠳᠡᠭᠦᠯᠦᠨ ᠦᠭᠡ ᠳᠤᠤᠭᠠᠷᠠᠭᠤᠯᠬᠤ ᠪᠠᠷ ᠤᠷᠤᠯᠳᠤᠨ ᠡᠨᠡ ᠲᠡᠷᠡ ᠭᠡᠵᠦ ᠦᠳᠦᠭᠡᠵᠦ ᠬᠡᠯᠡᠨ᠎ᠡ᠃ ᠨᠢᠭᠡ ᠴᠤ ᠦᠭᠡ ᠳᠤᠤᠭᠠᠷᠬᠤ ᠦᠭᠡᠢ ᠳᠤᠯᠤᠭ᠎ᠠ ᠤᠳᠠᠭ᠎ᠠ ᠨᠠᠭᠠᠳᠴᠤ ᠴᠢᠳᠠᠪᠠᠯ ᠱᠦᠭᠦᠭᠰᠡᠨ ᠢᠶᠠᠷ ᠪᠤᠳᠤᠨ᠎ᠠ᠃ ᠡᠨᠡ ᠮᠡᠲᠦ ᠪᠠᠷ ᠡᠭᠡᠯᠵᠢᠯᠡᠨ ᠴᠠᠭ ᠦᠷᠭᠦᠯᠵᠢ ᠨᠠᠭᠠᠳᠴᠤ ᠪᠠᠶᠢᠳᠠᠭ᠃        ᠰᠦᠨᠢᠳ ᠤᠨ ᠱᠠᠭ᠎ᠠ ᠨᠠᠭᠠᠳᠤᠮ — ᠱᠠᠭ᠎ᠠ ᠠᠳᠬᠤᠬᠤ        ᠱᠠᠭ᠎ᠠ ᠠᠳᠬᠤᠬᠤ ᠶᠢ ᠪᠠᠰᠠ ᠰᠠᠮᠪᠠ ᠬᠠᠶᠠᠬᠤ᠂ ᠱᠠᠭ᠎ᠠ ᠬᠠᠮᠤᠬᠤ ᠭᠡᠵᠦ ᠠᠳᠠᠯᠢ ᠪᠤᠰᠤ ᠪᠠᠷ ᠬᠡᠯᠡᠳᠡᠭ᠃ ᠡᠨᠡ ᠨᠠᠭᠠᠳᠤᠮ ᠢ ᠭᠤᠤᠯᠳᠠᠭᠤ ᠵᠢᠯ ᠴᠠᠭᠠᠨ ᠰᠠᠷ᠎ᠠ᠂ ᠪᠠᠶᠠᠷ ᠳᠤᠷᠠᠰᠬᠠᠯ ᠤᠨ ᠡᠳᠦᠷ ᠪᠠ ᠬᠤᠷᠢᠮ ᠨᠠᠶᠢᠷ ᠤᠨ ᠴᠠᠭ ᠲᠤ ᠤᠯᠠᠭᠤᠯᠠ ᠪᠠᠨ ᠴᠤᠭᠯᠠᠷᠠᠵᠤ ᠨᠠᠭᠠᠳᠳᠠᠭ᠃ ᠰᠠᠮᠪᠠ ᠭᠡᠳᠡᠭ ᠨᠢ ᠮᠥᠩᠭᠦ ᠪᠤᠶᠤ ᠵᠡᠰ ᠢᠶᠠᠷ ᠬᠢᠭᠰᠡᠨ ᠨᠠᠷᠢᠨ ᠤᠲᠠᠰᠤ ᠶᠢ ᠬᠡᠯᠡᠨ᠎ᠡ᠃ ᠨᠠᠭᠠᠳᠬᠤ ᠳᠠᠭᠠᠨ ᠤᠯᠠᠨ ᠱᠠᠭ᠎ᠠ ᠪᠠᠨ ᠰᠢᠷᠳᠡᠭ ᠪᠤᠶᠤ ᠤᠯᠪᠤᠭ ᠡᠰᠡᠭᠦᠯ᠎ᠡ ᠬᠦᠯᠢᠮ ᠳᠡᠭᠡᠷ᠎ᠡ ᠲᠠᠷᠬᠠᠭᠠᠨ ᠬᠠᠶᠠᠵᠤ᠂ ᠲᠤᠭᠤᠷᠢᠨ ᠰᠠᠭᠤᠭᠰᠠᠨ ᠬᠦᠮᠦᠰ ᠤᠨ ᠨᠢᠭᠡ ᠨᠢ ᠰᠠᠮᠪᠠ ᠪᠠᠨ ᠳᠡᠭᠡᠭᠰᠢ ᠬᠠᠶᠠᠵᠤ ᠪᠠᠭᠤᠵᠤ ᠢᠷᠡᠬᠦ ᠠᠴᠠ ᠨᠢ ᠡᠮᠦᠨ᠎ᠡ ᠰᠢᠷᠳᠡᠭ ᠳᠡᠭᠡᠷᠡᠬᠢ ᠱᠠᠭ᠎ᠠ ᠠᠴᠠ ᠪᠠᠨ ᠠᠳᠬᠤᠵᠤ ᠠᠪᠤᠭᠠᠳ ᠰᠠᠮᠪᠠ ᠶᠢ ᠳᠤᠰᠤᠨ ᠲᠤᠭᠲᠠᠠᠭᠠᠵᠤ ᠨᠢᠭᠡ ᠴᠤ ᠱᠠᠭ᠎ᠠ ᠤᠨᠠᠭᠠᠯ ᠦᠭᠡᠢ ᠠᠪᠤᠨ᠎ᠠ᠃ ᠨᠢᠭᠡ ᠬᠦᠮᠦᠨ ᠨᠢᠭᠡ ᠤᠳᠠᠭ᠎ᠠ ᠠᠳᠬᠤᠵᠤ᠂ ᠠᠯᠳᠠᠭᠰᠠᠨ ᠴᠤ ᠲᠡᠷᠡ ᠤᠯᠤᠭᠰᠠᠨ ᠴᠤ ᠲᠡᠷᠡ ᠰᠠᠮᠪᠠ ᠪᠠᠨ ᠳᠠᠷᠠᠭᠠᠬᠢ ᠬᠦᠮᠦᠨ ᠳᠡᠭᠡᠨ ᠦᠭᠴᠦ ᠳᠡᠰ ᠳᠠᠷᠠᠭ᠎ᠠ ᠲᠠᠢ ᠡᠮᠬᠢ ᠵᠢᠷᠦᠮ ᠲᠠᠢ ᠡᠭᠡᠯᠵᠢᠯᠡᠨ ᠨᠠᠭᠠᠳᠤᠨ᠎ᠠ᠃ ᠢᠩᠬᠢᠭᠡᠳ ᠨᠦᠭᠦᠭᠡ ᠲᠠᠷᠬᠠᠭᠠᠵᠤ ᠬᠠᠶᠠᠭᠰᠠᠨ ᠱᠠᠭ᠎ᠠ ᠪᠠᠨ ᠪᠦᠬᠦᠨ ᠢ ᠠᠳᠬᠤᠵᠤ ᠪᠠᠷᠠᠭᠰᠠᠨ ᠤ ᠰᠡᠭᠦᠯᠡᠷ ᠭᠦᠮᠦᠨ ᠨᠢᠭᠡ ᠪᠦᠷᠢ ᠠᠳᠠᠯᠢ ᠲᠤᠭ᠎ᠠ ᠲᠠᠢ ᠱᠠᠭ᠎ᠠ ᠭᠠᠷᠭᠠᠵᠤ ᠡᠭᠡᠯᠵᠢᠯᠡᠨ ᠰᠠᠮᠪᠠ ᠬᠠᠶᠠᠵᠤ ᠨᠠᠭᠠᠳᠤᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号