ᠰᠦᠨᠢᠳ ᠤᠨ ᠱᠠᠭ᠎ᠠ ᠨᠠᠭᠠᠳᠤᠮ — ᠰᠠᠭᠠᠬᠠᠯᠲᠠ ᠲᠠᠯᠪᠢᠬᠤ
ᠨᠡᠶᠢᠲᠡᠯᠡᠭᠰᠡᠨ ᠴᠠᠭ᠄
2020/6/5
      ᠰᠦᠨᠢᠳ ᠤᠨ ᠱᠠᠭ᠎ᠠ ᠨᠠᠭᠠᠳᠤᠮ — ᠰᠠᠭᠠᠬᠠᠯᠲᠠ ᠲᠠᠯᠪᠢᠬᠤ       ᠡᠨᠡ ᠲᠤᠭᠯᠠᠭᠠᠮ ᠪᠣᠯ ᠬᠡᠦᠬᠡᠳ ᠤᠨ ᠨᠠᠭᠠᠳᠬᠤ ᠲᠤᠭᠯᠠᠭᠠᠮ ᠪᠣᠯᠣᠨ᠎ᠠ᠃ ᠬᠤᠶᠠᠷ ᠬᠦᠮᠦᠨ ᠠᠴᠠ ᠳᠡᠭᠡᠭᠰᠢ ᠬᠡᠳᠦᠨ ᠬᠦᠮᠦᠨ ᠤᠷᠤᠯᠴᠠᠭᠰᠠᠨ ᠴᠤ ᠪᠤᠯᠤᠨ᠎ᠠ᠃ ᠮᠦᠨ ᠤᠷᠢᠳᠠᠪᠡᠷ ᠬᠤᠶᠠᠷ ᠱᠠᠭ᠎ᠠ ᠠᠪᠴᠤ ᠡᠭᠡᠯᠵᠢᠯᠡᠨ ᠬᠠᠶᠠᠵᠤ᠂ ᠬᠤᠶᠠᠷ ᠬᠤᠨᠢ ᠪᠤᠰᠤᠭᠰᠠᠨ ᠨᠢ ᠨᠢᠭᠡ ᠬᠤᠲᠠ ᠠᠶᠢᠯ ᠪᠤᠯᠵᠤ᠂ ᠬᠤᠶᠠᠷ ᠢᠮᠠᠭ᠎ᠠ ᠪᠤᠰᠤᠭᠰᠠᠨ ᠨᠢ ᠨᠢᠭᠡ ᠬᠤᠲᠠ ᠠᠶᠢᠯ ᠪᠣᠯᠵᠤ ᠰᠠᠭᠠᠬ᠎ᠠ ᠲᠠᠯᠪᠢᠵᠤ ᠨᠠᠭᠠᠳᠤᠨ᠎ᠠ᠃ ᠥᠭᠡᠷ᠎ᠡ ᠪᠠᠷ ᠬᠡᠯᠡᠪᠡᠯ ᠬᠤᠨᠢ ᠮᠠᠯᠵᠢᠭᠰᠠᠨ ᠬᠤᠲᠠ ᠨᠢ ᠱᠠᠭ᠎ᠠ ᠪᠠᠨ ᠬᠠᠶᠠᠭᠠᠳ ᠪᠤᠰᠤᠭᠰᠠᠨ ᠬᠤᠨᠢ ᠶᠢ ᠨᠢ ᠲᠡᠭᠦᠵᠦ ᠠᠪᠤᠭᠠᠳ ᠢᠮᠠᠭ᠎ᠠ ᠮᠠᠯᠵᠢᠭᠰᠠᠨ ᠠᠶᠢᠯ ᠳᠠᠭᠠᠨ ᠦᠭᠴᠦ ᠮᠠᠯᠵᠢᠭᠤᠯᠤᠨ᠎ᠠ᠃ ᠮᠣᠷᠢ᠂ ᠲᠡᠮᠡᠭᠡ᠂ ᠢᠮᠠᠭ᠎ᠠ ᠪᠤᠰᠪᠠᠯ ᠠᠪᠬᠤ ᠦᠭᠡᠢ᠃ ᠶᠠᠭᠤ ᠮᠠᠯᠵᠢᠭᠰᠠᠨ ᠪᠣᠯ ᠶᠠᠭᠤ ᠪᠠᠨ ᠠᠪᠤᠨ᠎ᠠ᠃ ᠢᠮᠠᠭ᠎ᠠ ᠮᠠᠯᠵᠢᠭᠰᠠᠨ ᠠᠶᠢᠯ ᠨᠢ ᠱᠠᠭ᠎ᠠ ᠪᠠᠨ ᠬᠠᠶᠠᠵᠤ ᠪᠤᠰᠤᠭᠰᠠᠨ ᠢᠮᠠᠭ᠎ᠠ ᠪᠠᠨ ᠲᠡᠭᠦᠵᠦ ᠠᠪᠤᠭᠠᠳ ᠬᠤᠨᠢ ᠮᠠᠯᠵᠢᠭᠰᠠᠨ ᠠᠶᠢᠯ ᠳᠠᠭᠠᠨ ᠦᠭᠴᠦ ᠮᠠᠯᠵᠢᠭᠤᠯᠵᠤ ᠬᠠᠷᠢᠯᠴᠠᠨ ᠰᠠᠭᠠᠬ᠎ᠠ ᠲᠠᠯᠪᠢᠵᠤ ᠨᠠᠭᠠᠳᠤᠨ᠎ᠠ᠃ ᠢᠩᠭᠢᠭᠡᠳ ᠬᠡᠨ ᠤ ᠬᠢᠨᠢ ᠮᠠᠯᠵᠢᠭᠰᠠᠨ ᠬᠤᠨᠢ ᠪᠤᠶᠤ ᠢᠮᠠᠭ᠎ᠠ ᠨᠢ ᠤᠯᠠᠨ ᠪᠣᠯ ᠲᠡᠷᠡ ᠨᠢ ᠪᠢ ᠴᠢᠨᠤ ᠰᠠᠭᠠᠬ᠎ᠠ ᠶᠢᠨ ᠮᠠᠯ ᠢ ᠰᠠᠶᠢᠬᠠᠨ ᠮᠠᠯᠵᠢᠵᠤ ᠦᠭᠭᠦᠯ᠎ᠡ ᠬᠡᠵᠦ ᠱᠦᠭᠦᠯᠲᠡ ᠤᠯᠤᠭᠰᠠᠨ ᠢᠶᠠᠷ ᠪᠤᠳᠤᠨ᠎ᠠ᠃ ᠡᠨᠡ ᠪᠣᠯ ᠮᠣᠩᠭᠤᠯ ᠬᠦᠮᠦᠨ ᠤ ᠵᠤᠨ ᠤ ᠤᠯᠠᠷᠢᠯ ᠤᠨ ᠰᠠᠭᠠᠬ᠎ᠠ ᠲᠠᠯᠪᠢᠬᠤ ᠦᠨᠡᠨ ᠠᠮᠢᠳᠤᠷᠠᠯ ᠠᠴᠠ ᠵᠠᠭᠪᠤᠷ ᠠᠪᠤᠭᠰᠠᠨ ᠲᠤᠭᠯᠠᠭᠠᠮ ᠶᠤᠮ᠃       ᠰᠦᠨᠢᠳ ᠤᠨ ᠱᠠᠭ᠎ᠠ ᠨᠠᠭᠠᠳᠤᠮ —  ᠳᠦᠷᠪᠡᠨ ᠱᠠᠭ᠎ᠠ ᠬᠠᠶᠠᠬᠤ       ᠡᠨᠡ ᠲᠤᠭᠯᠠᠭᠠᠮ ᠢ ᠬᠡᠳᠦᠨ ᠬᠦᠮᠦᠨ ᠨᠠᠭᠠᠳᠤᠭᠰᠠᠨ ᠴᠤ ᠪᠤᠯᠤᠨ᠎ᠠ᠃ ᠰᠠᠶᠢᠬᠠᠨ ᠦᠷᠦᠵᠦ ᠵᠠᠰᠠᠭᠰᠠᠨ ᠳᠦᠷᠪᠡᠨ ᠱᠠᠭ᠎ᠠ ᠪᠠᠷ ᠨᠠᠭᠠᠳᠤᠨ᠎ᠠ᠃ ᠨᠠᠭᠠᠳᠬᠤ ᠳᠠᠭᠠᠨ ᠲᠦᠷᠪᠡᠨ ᠱᠠᠭ᠎ᠠ ᠪᠠᠨ ᠳᠦᠷᠪᠡ ᠤᠳᠠᠭ᠎ᠠ ᠬᠠᠶᠠᠭᠠᠳ ᠪᠦᠬᠦᠨ ᠢ ᠮᠣᠷᠢ ᠪᠤᠰᠬᠠᠵᠤ ᠴᠢᠳᠠᠭᠰᠠᠨ ᠨᠢ ᠱᠦᠭᠦᠯᠲᠡ ᠪᠠᠨ ᠣᠯᠬᠤ ᠪᠦᠭᠡᠳ ᠬᠤᠪᠢ ᠵᠠᠶᠠᠭ᠎ᠠ᠂ ᠠᠵᠠ ᠬᠡᠢ ᠮᠣᠷᠢ ᠎ ᠲᠠᠢ ᠶᠠᠪᠤᠬᠤ ᠶᠢᠨ ᠪᠡᠯᠭᠡᠳᠡᠯ ᠢᠶᠠᠷ ᠦᠵᠡᠳᠡᠭ᠃ ᠢᠯᠠᠩᠭᠤᠶ᠎ᠠ ᠳᠦᠷᠪᠡᠨ ᠱᠠᠭ᠎ᠠ ᠪᠠᠨ ᠨᠢᠭᠡ ᠯᠡ ᠳᠡᠭᠡᠷ᠎ᠡ ᠳᠦᠷᠪᠡᠨ ᠮᠣᠷᠢ ᠪᠤᠰᠬᠠᠵᠤ ᠴᠢᠳᠠᠪᠠᠯ ᠨᠡᠩ ᠶᠡᠭᠡ ᠠᠵᠠ ᠬᠡᠢ ᠮᠣᠷᠢ ᠶᠢᠨ ᠪᠡᠯᠭᠡᠳᠡᠯ ᠢᠶᠠᠷ ᠦᠵᠡᠳᠡᠭ᠃ ᠡᠨᠡ ᠮᠡᠲᠦ ᠪᠠᠷ ᠨᠠᠭᠠᠳᠤᠮ ᠳᠤ ᠤᠷᠤᠯᠴᠠᠭᠰᠠᠨ ᠬᠦᠮᠦᠨ ᠡᠭᠡᠯᠵᠢᠯᠡᠨ ᠨᠠᠭᠠᠳᠤᠨ᠎ᠠ᠃       ᠰᠦᠨᠢᠳ ᠤᠨ ᠱᠠᠭ᠎ᠠ ᠨᠠᠭᠠᠳᠤᠮ — ᠲᠡᠪᠡᠭ ᠨᠠᠭᠠᠳᠬᠤ       ᠵᠠᠰᠠᠵᠤ ᠪᠤᠳᠤᠭᠰᠠᠨ ᠨᠢᠭᠡᠨ ᠱᠠᠭ᠎ᠠ ᠶᠢ ᠰᠤᠩᠭᠤᠨ ᠠᠪᠴᠤ ᠨᠠᠭᠠᠳᠤᠮ ᠳᠤ ᠤᠷᠤᠯᠴᠠᠭᠰᠠᠨ ᠬᠦᠮᠦᠰ ᠡᠭᠡᠯᠵᠢᠯᠡᠨ ᠲᠡᠪᠡᠭ ᠢᠰᠭᠦᠯᠵᠦ ᠨᠠᠭᠠᠳᠤᠨ᠎ᠠ᠃ ᠳᠥᠴᠢ ᠳᠤ ᠤᠷᠤᠯᠳᠤᠬᠤ᠂ ᠲᠠᠪᠢ ᠳᠤ ᠤᠷᠤᠯᠳᠤᠬᠤ ᠡᠰᠡᠭᠦᠯ᠎ᠡ ᠵᠠᠭᠤ ᠴᠤ ᠤᠷᠤᠯᠳᠤᠨ᠎ᠠ ᠭᠡᠵᠦ ᠨᠠᠭᠠᠳᠤᠮ ᠡᠭᠦᠰᠭᠡᠵᠦ ᠲᠡᠪᠡᠭ ᠢᠰᠭᠦᠯᠬᠦ ᠬᠦᠮᠦᠨ ᠨᠢ ᠨᠢᠭᠡ ᠠᠮᠢᠰᠬᠤᠭ᠎ᠠ ᠪᠠᠷ ᠠᠯᠳᠠᠯ ᠦᠭᠡᠢ ᠳᠥᠴᠢ ᠪᠤᠶᠤ ᠵᠠᠭᠤ ᠬᠦᠷᠭᠡᠬᠦ ᠶᠢ ᠬᠡᠯᠡᠨ᠎ᠡ᠃ ᠡᠨᠡ ᠨᠠᠭᠠᠳᠤᠮ ᠢ ᠭᠤᠤᠯᠳᠠᠭᠤ ᠬᠡᠦᠬᠡᠳ ᠪᠠᠭᠠᠴᠤᠳ᠂ ᠵᠠᠯᠠᠭᠤᠴᠤᠳ ᠨᠠᠭᠠᠳᠬᠤ ᠨᠢ ᠤᠯᠠᠨ᠃       ᠰᠦᠨᠢᠳ ᠤᠨ ᠱᠠᠭ᠎ᠠ ᠨᠠᠭᠠᠳᠤᠮ — ᠮᠡᠷᠬᠡ ᠬᠠᠶᠠᠬᠤ       ᠮᠡᠷᠬᠡ ᠬᠠᠶᠠᠬᠤ ᠪᠣᠯ ᠨᠠᠭᠠᠳᠤᠮ ᠴᠡᠩᠭᠡᠯ ᠳᠤ ᠰᠢᠭᠤᠳ ᠵᠤᠷᠢᠭᠤᠯᠤᠭᠰᠠᠨ ᠪᠢᠰᠢ᠂ ᠬᠠᠷᠢᠨ ᠶᠠᠮᠠᠷ ᠨᠢᠭᠡᠨ ᠶᠠᠭᠤᠮ᠎ᠠ ᠳᠤ ᠮᠡᠷᠭᠡ ᠲᠦᠯᠭᠡ ᠲᠠᠯᠪᠢᠬᠤ ᠠᠭᠤᠯᠭ᠎ᠠ ᠲᠠᠢ᠃ ᠭᠤᠣᠯᠳᠠᠭᠤ ᠮᠠᠯ ᠢᠶᠠᠨ ᠠᠯᠳᠠᠪᠠᠯ ᠣᠯᠬᠤ ᠡᠰᠡᠬᠦ᠂ ᠭᠠᠷᠤᠵᠠ ᠬᠤᠬᠢᠷᠠᠯ ᠪᠠᠶᠢᠬᠤ ᠡᠰᠡᠬᠦ᠂ ᠰᠤᠷᠠᠭ ᠴᠢᠮᠡᠭᠡ ᠰᠤᠨᠤᠰᠬᠤ ᠵᠡᠷᠭᠡ ᠳᠤ ᠮᠡᠷᠭᠡ ᠲᠥᠯᠭᠡ ᠲᠠᠯᠪᠢᠬᠤ ᠳᠤ ᠬᠡᠷᠡᠭᠯᠡᠵᠦ ᠪᠠᠶᠢᠳᠠᠭ ᠪᠤᠯᠪᠠᠴᠤ ᠬᠡᠦᠬᠡᠳ ᠪᠠᠭᠠᠴᠤᠳ ᠪᠠᠰᠠ ᠱᠠᠭ᠎ᠠ ᠪᠠᠷ ᠮᠡᠷᠭᠡ ᠲᠠᠯᠪᠢᠵᠤ ᠪᠠᠶᠢᠨ᠎ᠠ ᠭᠡᠬᠦ ᠮᠡᠲᠦ ᠪᠠᠷ ᠨᠠᠭᠠᠳᠬᠤ ᠴᠤ ᠪᠣᠢ᠃       ᠮᠡᠷᠭᠡ ᠬᠠᠶᠠᠬᠤ ᠳᠤ ᠵᠠᠰᠠᠵᠤ ᠠᠪᠤᠭᠰᠠᠨ ᠭᠤᠷᠪᠠᠨ ᠱᠠᠭ᠎ᠠ ᠪᠠᠶᠢᠳᠠᠭ᠃ ᠶᠡᠬᠡᠴᠤᠤᠯ ᠨᠢ ᠡᠨᠡ ᠮᠡᠷᠭᠡ ᠶᠢᠨ ᠱᠠᠭ᠎ᠠ ᠪᠠᠨ ᠲᠤᠰᠬᠠᠢ ᠬᠠᠳᠠᠭ ᠪᠣᠶᠤ ᠳᠠᠪᠤᠤ ᠶᠠᠭᠤᠮ᠎ᠠ ᠳᠤ ᠪᠤᠭᠤᠵᠤ ᠰᠠᠶᠢᠬᠠᠨ ᠬᠠᠳᠠᠭᠠᠯᠠᠳᠠᠭ ᠤᠴᠢᠷᠲᠠᠢ᠃       ᠬᠡᠦᠭᠡᠳ ᠤᠳ ᠪᠣᠯ ᠠᠶᠠᠨ ᠳᠤ ᠶᠠᠪᠤᠭᠰᠠᠨ ᠠᠪᠤ ᠡᠰᠡᠭᠦᠯ᠎ᠡ ᠭᠠᠳᠠᠭᠰᠢ ᠶᠠᠪᠤᠭᠰᠠᠨ ᠲᠥᠷᠦᠯ ᠰᠠᠳᠤᠨ ᠢᠶᠠᠨ ᠬᠡᠳᠦᠢ ᠳᠤ ᠢᠷᠡᠬᠦ ᠪᠣᠯ ᠭᠡᠵᠦ ᠱᠠᠭ᠎ᠠ ᠬᠠᠶᠠᠵᠤ ᠮᠡᠷᠭᠡ ᠲᠠᠯᠪᠢᠨ ᠨᠠᠭᠠᠳᠳᠠᠭ ᠴᠤ ᠪᠤᠢ᠃       ᠰᠦᠨᠢᠳ ᠤᠨ ᠱᠠᠭ᠎ᠠ ᠨᠠᠭᠠᠳᠤᠮ — ᠢᠩᠭᠡ ᠪᠤᠳᠤᠭᠤᠯᠠᠭᠤᠯᠬᠤ       ᠡᠨᠡ ᠲᠤᠭᠯᠠᠭᠠᠮ ᠢ ᠬᠡᠳᠦᠢ ᠬᠦᠮᠦᠨ ᠨᠠᠭᠠᠳᠤᠭᠰᠠᠨ ᠴᠤ ᠪᠤᠯᠤᠨ᠎ᠠ᠃ ᠨᠠᠭᠠᠳᠤᠮ ᠳᠤ ᠤᠷᠤᠯᠴᠠᠬᠤ ᠬᠦᠮᠦᠰ ᠤᠯᠠᠨ ᠱᠠᠭ᠎ᠠ ᠪᠠᠨ ᠡᠮᠬᠢ ᠵᠢᠷᠦᠮ ᠲᠠᠢ ᠡᠭᠡᠯᠵᠢᠯᠡᠨ ᠬᠠᠶᠠᠵᠤ᠂ ᠮᠣᠷᠢ ᠪᠤᠰᠬᠠᠪᠠᠯ ᠠᠪᠴᠤ ᠬᠠᠶᠠᠬᠤ ᠳᠤ ᠪᠤᠰᠤᠭᠰᠠᠨ ᠲᠡᠮᠡᠭᠡ ᠶᠢ ᠨᠢ ᠴᠣᠬᠢᠵᠤ ᠬᠤᠨᠢ ᠪᠣᠶᠤ ᠢᠮᠠᠭ᠎ᠠ ᠪᠤᠯᠭᠠᠨ᠎ᠠ᠃ ᠮᠣᠷᠢ ᠪᠤᠰᠬᠠᠪᠠᠯ ᠲᠠᠬᠢᠵᠤ ᠠᠪᠤᠨ᠎ᠠ᠃ ᠲᠡᠮᠡᠭᠡ ᠪᠠᠨ ᠨᠢᠭᠡ ᠯᠡ ᠲᠡᠭᠡᠷ᠎ᠡ ᠴᠣᠬᠢᠵᠤ ᠤᠨᠠᠭᠠᠵᠤ ᠴᠢᠳᠠᠬᠤ ᠦᠭᠡᠢ ᠪᠣᠯ ᠦᠷᠭᠦᠯᠵᠢᠯᠡᠨ ᠲᠡᠭᠦᠵᠦ ᠠᠪᠤᠭᠰᠠᠨ ᠮᠣᠷᠢ ᠪᠠᠷ ᠢᠶᠠᠨ ᠴᠣᠬᠢᠵᠤ᠂ ᠠᠳᠬᠤᠨ ᠳᠤᠨᠢ ᠮᠣᠷᠢ ᠦᠭᠡᠢ ᠪᠣᠯᠪᠠᠯ ᠳᠠᠷᠠᠭ᠎ᠠ ᠡᠭᠡᠯᠵᠢ ᠳᠤ ᠴᠣᠬᠢᠵᠤ᠂ ᠤᠨᠠᠭᠠᠭ᠎ᠠ ᠦᠭᠡᠢ ᠲᠡᠮᠡᠭᠡᠨ ᠤ ᠲᠤᠭ᠎ᠠ ᠪᠠᠷ ᠱᠠᠭ᠎ᠠ ᠪᠠᠨ ᠨᠦᠬᠦᠵᠦ ᠦᠭᠭᠦᠨ᠎ᠡ᠃ ᠢᠩᠭᠢᠭᠡᠳ ᠬᠠᠶᠠᠵᠤ ᠪᠠᠶᠢᠭ᠎ᠠ ᠱᠠᠭ᠎ᠠ ᠶᠡᠷᠦ ᠴᠦᠬᠡᠷᠡᠭᠦ ᠦᠭᠡᠢ ᠦᠷᠭᠦᠯᠵᠢᠳᠡ ᠤᠯᠠᠨ ᠬᠡᠪ ᠢᠶᠠᠷ ᠪᠠᠶᠢᠭᠠᠳ ᠪᠠᠶᠢᠳᠠᠭ ᠲᠤᠯᠠ ᠢᠩᠭᠡ ᠪᠤᠳᠤᠭᠤᠯᠠᠭᠤᠯᠬᠤ ᠭᠡᠵᠦ ᠬᠡᠯᠡᠳᠡᠭ᠃ ᠡᠭᠦᠨ ᠢ ᠬᠡᠦᠬᠡᠳ ᠪᠠᠭᠠᠴᠤᠳ ᠪᠠ ᠶᠡᠬᠡᠴᠤᠤᠯ ᠪᠦᠷ ᠨᠠᠭᠠᠳᠤᠨ᠎ᠠ᠃ ᠲᠡᠮᠡᠭᠡ ᠪᠠᠨ ᠡᠯᠪᠡᠭ ᠪᠠᠶᠠᠨ ᠥᠰᠬᠡᠨ ᠦᠷᠡᠵᠢᠭᠦᠯᠬᠦ ᠶᠢ ᠪᠡᠯᠭᠡᠳᠡᠭᠰᠡᠨ ᠠᠭᠤᠯᠭ᠎ᠠ ᠲᠠᠢ ᠨᠠᠭᠠᠳᠬᠤ ᠲᠤᠭᠯᠠᠭᠠᠮ ᠶᠤᠮ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号