ᠬᠥᠲᠡᠭᠡ ᠲᠤᠰᠬᠤᠨ ᠤ ᠬᠤᠲᠠᠯᠲᠤᠭᠠᠨ ᠤ ᠪᠠᠩᠬᠢ ︽ᠬᠥᠲᠡᠭᠡ ᠲᠤᠰᠬᠤᠨ ᠢ ᠬᠥᠭᠵᠢᠭᠦᠯᠤᠨ ᠮᠠᠨᠲᠤᠭᠤᠯᠬᠤ ᠺᠡᠷᠲ︾᠎ ᠢ ᠮᠠᠯᠴᠢᠤᠨ ᠤᠨ ᠭᠡᠷ ᠲᠤ ᠨᠢ ᠬᠥᠷᠭᠡᠬᠦ ᠤᠶᠢᠯᠡᠴᠢᠯᠡᠭᠡ ᠬᠠᠩᠭᠠᠵᠤ ᠪᠠᠶᠢᠨ᠎ᠠ
ᠨᠡᠶᠢᠲᠡᠯᠡᠭᠰᠡᠨ ᠴᠠᠭ᠄
2022/5/5
      ᠬᠠᠪᠤᠷ ᠤᠨ ᠤᠯᠠᠷᠢᠯ ᠤᠨ ᠲᠥᠯ ᠲᠤᠰᠴᠤ ᠪᠤᠶᠢᠵᠢᠭᠤᠯᠬᠤ ᠵᠠᠩᠭᠢᠯᠠᠭ᠎ᠠ ᠶᠢᠨ ᠴᠠᠭ  ᠳᠤ ᠮᠠᠯᠴᠢᠳ ᠤᠨ ᠪᠠᠯᠠ ᠮᠥᠩᠭᠦᠨ ᠤ ᠬᠡᠷᠡᠭᠴᠡᠭᠡ ᠶᠢ ᠪᠦᠲᠦᠮᠵᠢᠲᠡᠶ ᠰᠢᠢᠤᠨᠪᠥᠷᠢᠯᠠᠬᠦ ᠶᠢᠨ ᠲᠤᠰᠠᠲᠠ᠂ ᠮᠠᠨ ᠤ ᠬᠤᠰᠢᠭᠤᠨ ᠤ ᠬᠥᠲᠡᠭᠡ ᠲᠤᠰᠬᠤᠨ ᠤ ᠬᠤᠳᠠᠯᠳᠤᠭᠠᠨ ᠤ ᠪᠠᠩᠬᠢ ᠮᠠᠯᠴᠢᠤᠨ ᠎ ᠤᠨ ᠪᠣᠳᠠᠲᠠᠶ ᠪᠠᠶᠢᠳᠠᠯ ᠢ ᠣᠶᠢᠯᠠᠭᠠᠵᠤ᠂ ᠢᠲᠡᠭᠡᠮᠵᠢᠲᠦ ᠵᠢᠭᠡᠯᠡᠯᠭᠡ ᠶᠢᠨ ᠡᠬᠢ ᠪᠠᠶᠠᠯᠢᠭ ᠤᠨ ᠲᠣᠬᠢᠷᠠᠭᠤᠯᠤᠯᠲᠠ ᠶᠢ ᠰᠢᠯᠢᠳᠡᠭᠵᠢᠭᠦᠯᠦᠨ᠂ ᠮᠠᠯᠴᠢᠳ ᠤᠨ ᠲᠥᠯ ᠲᠤᠰᠴᠤ ᠪᠤᠶᠢᠵᠢᠭᠤᠯᠬᠤ ᠠᠵᠢᠯ ᠳᠤ ᠮᠥᠩᠭᠦᠨ ᠭᠥᠢᠯᠭᠡᠭᠡᠨ ᠤ ᠤᠶᠢᠯᠡᠴᠢᠯᠡᠭᠡᠨ ᠤ ᠲᠤᠰᠠᠯᠠᠮᠵᠢ ᠬᠠᠩᠭᠠᠨ ᠮᠠᠯᠴᠢᠳ ᠤᠨ ᠣᠷᠣᠯᠭ᠎ᠠ ᠪᠠᠨ ᠨᠡᠮᠡᠭᠲᠡᠭᠦᠯᠬᠦ ᠳᠤ ᠪᠠᠲᠤᠯᠠᠭ᠎ᠠ ᠬᠠᠩᠭᠠᠵᠤ ᠪᠠᠶᠢᠨ᠎ᠠ᠃      ᠣᠶᠢᠷ᠎ᠠ ᠳᠤ᠂ ᠬᠥᠲᠡᠭᠡ ᠲᠤᠰᠬᠤᠨ ᠤ ᠬᠤᠳᠠᠯᠳᠤᠭᠠᠨ ᠤ ᠪᠠᠩᠬᠢ ᠶᠢᠨ ᠠᠵᠢᠯᠲᠠᠳ ᠲᠡᠯᠡᠶ ᠰᠤᠮᠤᠨ ᠤ ᠬᠥᠭᠵᠢᠯᠲᠦ ᠭᠠᠴᠠᠭᠠᠨ ᠤ ᠮᠠᠯᠴᠢᠨ ᠭᠠᠩᠵᠤᠷᠢᠭ ᠤᠨ ᠎ ᠳᠤ ᠬᠥᠷᠴᠤ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠺᠠᠷᠲ︾ ᠥᠭᠪᠡ᠃ ᠭᠠᠩᠵᠤᠷᠢᠭ ᠤᠨ ᠬᠢᠨ 500 ᠲᠤᠯᠤᠭᠠᠢ ᠦᠬᠡᠷ᠂ 2000 ᠭᠠᠷᠤᠢ ᠬᠤᠨᠢ ᠲᠠᠢ᠂ ᠲᠡᠷᠡ ᠰᠤᠷᠪᠤᠯᠵᠢᠯᠠᠭᠴᠢ ᠳᠤ ᠬᠡᠯᠡᠬᠦ ᠳᠡᠭᠡᠨ ︽ᠣᠳᠣᠬᠠᠨ ᠳᠤ ᠶᠠᠭ ᠲᠣᠰᠴᠤ ᠪᠤᠶᠢᠵᠢᠭᠤᠯᠬᠤ ᠵᠠᠩᠭᠢᠯᠠᠭ᠎ᠠ ᠶᠢᠨ ᠴᠠᠭ ᠦᠶ᠎ᠡ᠂ ᠬᠠᠪᠤᠷ ᠤᠨ ᠤᠯᠠᠷᠢᠯ ᠤᠨ ᠡᠪᠡᠰᠦ ᠪᠡᠯᠴᠢᠭᠡᠷ ᠢ ᠨᠣᠭᠤᠭᠠᠷᠠᠭᠤᠯᠬᠤ ᠬᠤᠭᠤᠴᠠᠭᠠᠨ ᠳᠤ ᠪᠡᠯᠴᠢᠭᠡᠷᠯᠡᠭᠦᠯᠬᠦ ᠶᠢ ᠵᠣᠭᠰᠣᠭᠠᠬᠤ ᠳᠤ ᠪᠠᠰᠠ ᠡᠪᠡᠰᠦ ᠪᠣᠷᠳᠤᠭ᠎ᠠ ᠨᠥᠭᠡᠴᠡᠯᠡᠬᠦ ᠴᠢᠬᠤᠯᠠᠲᠠᠢ᠂ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠺᠠᠷᠲ︾᠎ ᠤᠨ ᠠᠷᠠᠳ ᠲᠤ ᠠᠰᠢᠭ ᠬᠦᠷᠲᠡᠭᠡᠬᠦ ᠠᠯᠢ ᠤᠯᠠᠨ ᠲᠦᠷᠦ ᠶᠢᠨ ᠪᠤᠳᠤᠯᠭ᠎ᠠ ᠨᠢ ᠲᠡᠳᠡᠨ ᠤ ᠦᠢᠯᠡᠳᠪᠦᠷᠢᠯᠡᠯ ᠠᠮᠢᠳᠤᠷᠠᠯ ᠳᠤ ᠬᠠᠪᠰᠤᠷᠤᠯᠭ᠎ᠠ ᠪᠣᠯᠤᠭᠰᠠᠨ ᠪᠠᠶᠢᠨ᠎ᠠ︾ ᠭᠡᠪᠡ᠃      ᠮᠡᠷᠭᠡᠨ ᠪᠣᠯ ᠮᠠᠨ ᠤ ᠬᠤᠰᠢᠭᠤᠨ ᠤ ᠪᠠᠶᠠᠨ᠋ᠠ᠋ᠭᠤᠯᠠ ᠰᠤᠮᠤᠨ ᠤ ᠷᠠᠰᠢᠶᠠᠨᠪᠤᠯᠠᠭ ᠭᠠᠴᠠᠭᠠᠨ ᠤ ᠮᠠᠯᠴᠢᠨ ᠪᠣᠯᠤᠨ᠎ᠠ ᠂ ᠲᠡᠳᠡᠨ ᠤ ᠬᠢᠨ 70 ᠬᠡᠲᠤᠨ ᠦᠬᠡᠷ ᠪᠠ 300 ᠬᠤᠨᠢ ᠲᠠᠢ᠂ ᠲᠥᠯ ᠲᠤᠰᠴᠤ ᠪᠤᠶᠢᠵᠢᠭᠤᠯᠬᠤ ᠴᠠᠭ ᠪᠤᠯᠬᠤ ᠪᠠᠷ ᠪᠠᠯᠠ ᠮᠥᠩᠭᠦ ᠳᠤᠲᠠᠭᠳᠠᠬᠤ ᠠᠰᠠᠭᠤᠳᠠᠯ ᠭᠠᠷᠴᠤ ᠲᠡᠭᠦᠨ ᠢ ᠬᠦᠴᠢᠷᠳᠡᠯ ᠳᠤ ᠤᠴᠠᠷᠠᠭᠤᠯᠵᠠᠶ᠃ ᠬᠥᠲᠡᠭᠡ ᠲᠤᠰᠬᠤᠨ ᠎ ᠤ ᠬᠤᠳᠠᠯᠳᠤᠭᠠᠨ ᠤ ᠪᠠᠩᠬᠢ ᠡᠨᠡ ᠵᠢᠯ ᠲᠥᠯ ᠲᠣᠰᠴᠤ ᠪᠤᠶᠢᠵᠢᠭᠤᠯᠬᠤ ᠢᠲᠡᠭᠡᠮᠵᠢᠲᠦ ᠵᠢᠭᠡᠯᠡᠯᠭᠡ ᠲᠠᠯᠪᠢᠵᠤ ᠪᠠᠶᠢᠬᠤ ᠶᠢ ᠰᠤᠨᠤᠰᠤᠭᠠᠤᠨ ᠲᠡᠷᠡ ᠲᠠᠷᠤᠶᠢᠬᠠᠨ ᠢᠷᠡᠵᠦ ᠭᠠᠷ ᠭᠥᠢᠴᠡᠤᠨᠬᠡᠯ ᠬᠢᠵᠦ ᠬᠠᠮᠢᠶ᠎ᠠ ᠪᠥᠬᠦᠶ ᠮᠠᠲ᠋ᠧᠷᠢᠶᠠᠯ ᠢ ᠪᠡᠯᠡᠤᠨᠬᠡᠨ ᠤᠳᠠᠯ ᠥᠬᠡᠶ ᠭᠠᠷ ᠭᠥᠢᠴᠡᠤᠨᠬᠡᠯ ᠢᠶᠠᠨ ᠬᠢᠵᠦ ᠲᠠᠭᠤᠰᠬᠠᠭᠰᠠᠨ ᠪᠠᠶᠢᠨ᠎ᠠ᠃      ᠬᠤᠰᠢᠭᠤ ᠬᠥᠲᠡᠭᠡ ᠲᠤᠰᠬᠤᠨ ᠤ ᠬᠤᠳᠠᠯᠳᠤᠭᠠᠨ ᠤ ᠪᠠᠩᠬᠢ ᠮᠠᠯᠴᠢᠳ ᠤᠨ ᠲᠥᠯ ᠲᠤᠰᠴᠤ ᠪᠤᠶᠢᠵᠢᠭᠤᠯᠬᠤ ᠪᠠᠯᠠ ᠮᠥᠩᠭᠦᠨ ᠤ ᠳᠤᠲᠠᠭᠳᠠᠵᠤ ᠪᠠᠶᠢᠭ᠎ᠠ ᠠᠰᠠᠭᠤᠲᠠᠯ ᠲᠠᠢ ᠤᠶᠠᠯᠳᠤᠭᠤᠯᠤᠨ ︽ᠠᠮᠢᠳᠤᠯᠢᠭ᠂ ᠲᠥᠬᠦᠮ᠂ ᠴᠢᠨᠠᠷ ᠰᠠᠶᠢᠲᠠᠶ᠂ ᠠᠮᠤᠷ ᠲᠦᠪᠰᠢᠨ︾ ᠪᠠᠶᠢᠬᠤ ᠵᠠᠷᠴᠢᠮ ᠶᠣᠰᠣᠭᠠᠷ᠂ ᠲᠥᠯ ᠲᠤᠰᠴᠤ ᠪᠤᠶᠢᠵᠢᠭᠤᠯᠬᠤ ᠢᠲᠡᠭᠡᠮᠵᠢᠲᠦ ᠵᠢᠭᠡᠯᠡᠯᠭᠡ ᠶᠢᠨ ᠵᠠᠮ ᠢ ᠨᠡᠭᠡᠭᠡᠵᠦ ᠵᠢᠭᠡᠯᠡᠯᠭᠡ ᠶᠢᠨ ᠭᠠᠷᠳᠠᠮ ᠢ ᠴᠣᠮᠬᠠᠳᠬᠠᠨ᠂ ᠮᠠᠯᠴᠢᠳ ᠤᠨ ᠬᠠᠪᠤᠷ ᠤᠨ ᠤᠯᠠᠷᠢᠯ ᠤᠨ ᠦᠢᠯᠡᠳᠪᠦᠷᠢᠯᠡᠯ ᠠᠮᠢᠳᠤᠷᠠᠯ ᠳᠤ ᠨᠢ ᠬᠠᠪᠰᠤᠷᠤᠯᠭ᠎ᠠ ᠲᠠᠮᠵᠢᠯᠭᠡ ᠬᠠᠩᠭᠠᠵᠤ ᠪᠠᠶᠢᠨ᠎ᠠ᠃ ᠡᠨᠡ ᠵᠢᠯ ᠡᠯ᠎ᠡ ᠵᠤᠶᠢᠯ ᠤᠨ ᠵᠢᠭᠡᠯᠡᠯᠭᠡ ᠶᠢ ᠨᠡᠶᠢᠲᠡ 4.61 ᠳ᠋ᠦᠩᠰᠢᠭᠤᠷ ᠲᠥᠭᠦᠷᠢᠭ ᠲᠠᠯᠪᠢᠵᠤ᠂ ᠡᠭᠦᠨ ᠤ ᠳᠣᠲᠣᠷ᠎ᠠ ᠲᠥᠯ ᠲᠤᠰᠴᠤ ᠪᠤᠶᠢᠵᠢᠭᠤᠯᠬᠤ ᠵᠢᠭᠡᠯᠡᠯᠭᠡ 1.48 ᠳ᠋ᠦᠩᠰᠢᠭᠤᠷ ᠲᠥᠭᠦᠷᠢᠭ ᠲᠤ ᠬᠥᠷᠴᠤ ᠣᠲᠣ ᠪᠣᠯᠲᠠᠯ᠎ᠠ᠂ ᠪᠥᠬᠦ ᠬᠤᠰᠢᠭᠤᠨ ᠤ ᠨᠡᠶᠢᠲᠡ 51.08 ᠲᠦᠮᠡᠨ ᠲᠥᠯ ᠮᠠᠯ ᠤᠨ ᠤᠨᠠᠯᠲᠠ ᠶᠢ ᠭᠥᠯᠢᠶᠡᠨ ᠠᠪᠴᠤ ᠡᠭᠦᠨ ᠳᠤ ᠪᠣᠳᠠ ᠮᠠᠯ 5.43 ᠲᠥᠮᠡᠨ ᠲᠤᠯᠤᠭᠠᠢ ︵ᠦᠬᠡᠷ 4.93 ᠲᠦᠮᠡ︶᠂ ᠪᠤᠭ ᠮᠠᠯ 45.65 ᠲᠥᠮᠡᠨ ᠲᠤᠯᠤᠭᠠᠢ ᠪᠠᠶᠢᠵᠤ ᠤᠨᠳᠤᠷᠤᠯᠲᠠ ᠶᠢᠨ ᠨᠣᠷᠮ᠎ᠠ ᠨᠢ 99.96% ᠬᠦᠷᠴᠡᠶ᠃
 
ᠢᠷᠡᠯᠲᠡ᠄ ᠬᠤᠰᠢᠭᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号