ᠬᠡᠵᠢᠬᠡ ᠴᠠᠶᠢᠬᠤ ᠶᠢᠨ ᠰᠢᠯᠳᠠᠭᠠᠨ ᠵᠢᠴᠢ ᠡᠮᠨᠡᠬᠦ ᠠᠷᠭ᠎ᠠ
ᠨᠡᠶᠢᠲᠡᠯᠡᠭᠰᠡᠨ ᠴᠠᠭ᠄
2021/12/27
          ᠬᠡᠵᠢᠬᠡ ᠴᠠᠶᠢᠬᠤ ᠶᠢ ᠰᠡᠷᠬᠡᠶᠢᠯᠡᠶ᠎ᠡ ᠬᠡᠪᠡᠯ ᠬᠠᠷ᠎ᠠ ᠦᠩᠭᠡ ᠲᠠᠢ ᠲᠤᠳᠤᠷᠭ᠎ᠠ᠂ ᠬᠠᠷ᠎ᠠ ᠪᠤᠷᠴᠠᠭ᠂ ᠤᠯᠠᠭᠠᠨ ᠪᠤᠷᠴᠠᠭ᠂ ᠬᠠᠷ᠎ᠠ ᠮᠠᠭᠠᠵᠢ᠂ ᠬᠤᠰᠢᠭ᠎ᠠ ᠵᠡᠷᠬᠡ ᠶᠢ ᠪᠠᠶᠢᠩᠭᠤ ᠢᠳᠡᠪᠡᠯ ᠰᠠᠶᠢᠨ᠃ ᠪᠠᠰᠠ ᠲᠠᠬᠢᠶᠠᠨ ᠮᠢᠬ᠎ᠠ᠂ ᠦᠬᠡᠷ  ᠤᠨ ᠮᠢᠬ᠎ᠠ᠂ ᠬᠤᠨᠢᠨ ᠮᠢᠬ᠎ᠠ᠂ ᠭᠠᠭ᠋ᠠᠢ ᠶᠢᠨ ᠡᠯᠢᠬᠡ᠂ ᠬᠢᠵᠢᠮᠢ ᠵᠡᠷᠬᠡ ᠶᠢ ᠦᠷᠬᠦᠯᠵᠢ ᠢᠳᠡᠪᠡᠯ ᠰᠠᠶᠢᠨ᠃ ᠡᠬᠦᠨ  ᠠᠴᠠ ᠭᠠᠳᠠᠨ᠎ᠠ ᠬᠤᠯᠤᠤᠪᠠᠩ᠂ ᠦᠷᠬᠡᠰᠣᠳᠣ ᠨᠤᠭᠤᠭ᠎ᠠ᠂ ᠦᠨᠦᠷᠳᠣ ᠮᠦᠬᠦ᠂ ᠲᠠᠯᠳᠠᠣ ᠵᠡᠷᠬᠡ ᠶᠢ ᠦᠷᠬᠦᠯᠵᠢ ᠢᠳᠡᠨ᠎ᠡ ᠃            ᠮᠠᠩᠨᠠᠢ ᠠᠴᠠ ᠡᠬᠢᠯᠡᠵᠤ ᠴᠠᠶᠢᠬᠤ — ᠲᠡᠯᠢᠬᠦᠦ ᠪᠤᠯᠤᠨ ᠬᠤᠳᠤᠭᠤᠳᠤ ᠵᠤᠬᠢᠴᠠᠯ ᠢᠶᠠᠨ ᠠᠯᠳᠠᠭᠰᠠᠨ ᠄ ᠮᠠᠩᠨᠠᠢ ᠶᠢᠨ ᠲᠤᠬᠢᠷᠠᠯᠴᠠᠭᠰᠠᠨ ᠡᠷᠬᠡᠳᠡᠨ ᠪᠤᠯ ᠲᠡᠯᠢᠬᠦᠦ ᠪᠤᠯᠤᠨ ᠬᠤᠳᠤᠭᠤᠳᠤ ᠪᠤᠯᠤᠨ᠎ᠠ᠃ ᠬᠤᠳᠤᠭᠤᠳᠤ ᠪᠤᠯᠤᠨ ᠲᠡᠯᠢᠬᠦᠦ ᠪᠠᠨ ᠰᠠᠶᠢᠳᠣᠷ ᠰᠤᠪᠢᠯᠠᠬᠤ ᠨᠢ ᠭᠡᠵᠢᠬᠡ ᠮᠠᠩᠨᠠᠢ ᠠᠴᠠ ᠡᠬᠢᠯᠡᠵᠤ ᠴᠠᠶᠢᠬᠤ ᠶᠢ ᠰᠡᠷᠬᠡᠶᠢᠯᠡᠬᠦ ᠳᠤ ᠶᠡᠭᠡ ᠲᠤᠰᠠᠳᠠᠢ᠃ ᠬᠤᠳᠤᠭᠤᠳᠤ ᠪᠤᠯᠤᠨ ᠲᠡᠯᠢᠬᠦᠦ ᠮᠠᠭᠤ ᠬᠦᠮᠦᠨ ᠦᠷᠬᠦᠯᠵᠢ ᠬᠡᠳᠡᠰᠣ ᠬᠦᠬᠡᠬᠡᠬᠦ᠂ ᠬᠡᠳᠡᠰᠣ ᠡᠪᠡᠳᠬᠦ᠂ ᠰᠢᠷ᠎ᠠ ᠬᠤᠰᠤᠬᠤ᠂ ᠬᠦᠴᠦ ᠲᠠᠮᠢᠷ ᠮᠠᠭᠤᠳᠠᠬᠤ ᠢᠯᠡᠷᠡᠯ ᠲᠠᠢ᠃ ᠵᠠᠷᠢᠮ ᠬᠦᠮᠦᠨ ᠤ ᠠᠮᠠᠨ ᠠᠴᠠ ᠦᠮᠡᠬᠡᠢ ᠦᠨᠦᠷ ᠭᠠᠷᠴᠤ᠂ ᠢᠳᠡᠬᠡᠨ ᠤ ᠲᠤᠷᠠᠰᠢᠯ ᠮᠠᠭᠤᠳᠠᠬᠤ ᠪᠤᠶᠤ ᠬᠦᠯ ᠭᠠᠷ ᠨᠢ ᠬᠠᠪᠤᠳᠴᠤ᠂ ᠪᠡᠬᠡᠷᠡᠮᠡᠳᠡᠬᠡᠢ ᠪᠤᠯᠵᠤ ᠤᠯᠠᠨ ᠰᠢᠬᠡᠯᠬᠡᠨ᠎ᠡ᠃ ᠡᠳᠡᠬᠡᠷ ᠪᠤᠯ ᠬᠤᠳᠤᠭᠤᠳᠤ ᠲᠡᠯᠢᠬᠦᠦ ᠰᠡᠷᠢᠬᠦᠳᠡᠭᠰᠡᠨ ᠤ ᠢᠯᠡᠷᠡᠯ ᠮᠦᠨ᠃ ᠡᠮᠨᠡᠬᠦ ᠠᠷᠭ᠎ᠠ ᠄ ᠬᠤᠳᠤᠭᠤᠳᠤ ᠲᠡᠯᠢᠬᠦᠦ ᠰᠡᠷᠢᠬᠦᠨ ᠬᠦᠮᠦᠨ 3 — 5 ᠬᠤᠨᠤᠭ ᠲᠤ ᠨᠢᠬᠡ ᠤᠳᠠᠭ᠎ᠠ ᠭᠠ ᠪᠤᠴᠠᠯᠭᠠᠵᠤ ᠤᠤᠭᠤᠪᠠᠯ ᠰᠠᠶᠢᠨ᠃ ᠭᠠ ᠪᠤᠯ ᠬᠠᠯᠠᠭᠤᠨ ᠴᠢᠨᠠᠷᠳᠠᠢ᠂ ᠰᠡᠷᠢᠬᠦᠨ ᠢ ᠬᠦᠬᠡᠬᠡᠵᠤ ᠬᠦᠯᠦᠰᠤ ᠭᠠᠷᠭᠠᠨ᠂ ᠬᠤᠳᠤᠭᠤᠳᠤ ᠶᠢ ᠲᠤᠯᠠᠭᠠᠯᠠᠵᠤ ᠡᠪᠡᠳᠬᠦ ᠶᠢ ᠵᠤᠭᠰᠤᠭᠠᠨ᠂ ᠪᠠᠺᠲ᠋ᠧᠷᠢ ᠶᠢ ᠠᠯᠠᠵᠤ ᠦᠷᠪᠢᠰᠦᠯ ᠢ ᠲᠠᠷᠤᠬᠤ ᠤᠢᠢᠯᠡᠳᠦᠯ ᠲᠠᠢ᠃ ᠲᠤᠰ ᠠᠷᠭ᠎ᠠ ᠪᠠᠷ ᠰᠡᠷᠢᠬᠦᠨ ᠴᠢᠨᠠᠷᠳᠠᠢ ᠬᠤᠳᠤᠭᠤᠳᠤᠨ ᠦᠷᠪᠢᠰᠦᠯ᠂ ᠰᠢᠷᠬᠠᠯᠠᠭ᠎ᠠ  ᠶᠢᠨ ᠴᠢᠨᠠᠷᠲᠠᠢ ᠬᠤᠳᠤᠭᠤᠳᠤᠨ ᠦᠷᠪᠢᠰᠦᠯ ᠢ ᠡᠮᠨᠡᠪᠡᠯ ᠮᠦᠨ ᠬᠦ ᠨᠡᠯᠢᠶᠡᠳ ᠰᠠᠶᠢᠨ ᠡᠮᠴᠢᠯᠡᠬᠡᠨ ᠤ ᠠᠴᠢ ᠲᠤᠰᠠ  ᠲᠠᠢ ᠶᠤᠮ᠃ ᠵᠠᠵᠢ ᠴᠠᠶᠢᠬᠤ — ᠡᠯᠢᠬᠡᠨ ᠬᠠᠯᠠᠭᠤᠨ ᠄ ᠬᠤᠶᠠᠷ ᠵᠠᠵᠢ ᠶᠢᠨ ᠲᠤᠬᠢᠷᠠᠯᠴᠠᠭᠰᠠᠨ ᠡᠷᠬᠡᠳᠡᠨ ᠪᠤᠯ ᠡᠯᠢᠬᠡ ᠪᠠ ᠰᠦᠰᠦ ᠪᠤᠯᠤᠨ᠎ᠠ ᠃ ᠡᠯᠢᠬᠡ ᠰᠦᠰᠦ ᠶᠢᠨ ᠬᠠᠯᠠᠭᠤᠨ ᠲᠠᠢ ᠬᠦᠮᠦᠨ ᠲᠤᠯᠬᠢᠨ ᠠᠭᠠᠰᠢ ᠲᠠᠢ ᠪᠦᠬᠡᠳ ᠪᠤᠬᠢᠨᠢᠳᠤᠵᠤ ᠠᠭᠤᠷᠯᠠᠮᠠᠳᠠᠭᠠᠢ ᠃ ᠠᠮᠠ ᠬᠠᠳᠠᠬᠤ᠂ ᠠᠮᠠ ᠭᠠᠰᠢᠭᠤ ᠤᠷᠬᠢᠬᠤ᠂ ᠬᠡᠯᠡ ᠬᠠᠭᠤᠷᠠᠶᠢᠳᠠᠬᠤ᠂ ᠨᠢᠳᠣ ᠴᠢᠯᠡᠬᠦ ᠵᠡᠷᠬᠡ ᠢᠯᠡᠷᠡᠯ ᠲᠠᠢ᠃ ᠡᠨᠡ ᠪᠤᠯ ᠡᠯᠢᠬᠡᠨ ᠬᠠᠯᠠᠭᠤᠨ ᠠᠴᠠ ᠪᠤᠯᠵᠠᠢ᠂ ᠴᠢᠨᠠᠭᠰᠢᠯᠠᠨ ᠲᠡᠯᠢᠬᠦᠦ ᠪᠤᠯᠤᠨ ᠬᠤᠳᠤᠭᠤᠳᠤ ᠬᠡᠮᠳᠦᠭᠰᠡᠨ ᠴᠦ ᠪᠠᠶᠢᠵᠤ ᠮᠡᠳᠡᠨ᠎ᠡ ᠃ ᠡᠮᠨᠡᠬᠦ ᠠᠷᠭ᠎ᠠ᠄ ᠮᠢᠬ᠎ᠠ ᠱᠦᠯᠦ ᠲᠤᠳᠠᠭᠤ ᠢᠳᠡᠵᠤ᠂ ᠡᠯᠳᠡᠪ ᠠᠮᠤ ᠶᠢᠨ ᠰᠢᠩᠭᠡᠨ ᠪᠤᠳᠠᠭ᠎ᠠ᠂ ᠯᠢᠩᠬ᠊ ᠤᠠ᠋ ᠶᠢᠨ ᠦᠷ᠎ᠡ ᠶᠢᠨ ᠰᠢᠩᠭᠡᠨ ᠪᠤᠳᠠᠭ᠎ᠠ᠂ ᠯᠢᠩᠬ᠊ ᠤᠠ᠋ ᠶᠢᠨ ᠦᠷ᠎ᠡ ᠪᠡ ᠴᠠᠭᠠᠨ ᠲᠠᠯᠳᠠᠣ ᠶᠢ ᠨᠡᠶᠢᠯᠡᠬᠦᠯᠵᠤ ᠴᠢᠨᠠᠭᠰᠠᠨ ᠰᠢᠩᠭᠡᠨ ᠪᠤᠳᠠᠭ᠎ᠠ ᠶᠢ ᠦᠷᠬᠦᠯᠵᠢ ᠢᠳᠡᠵᠤ ᠂ ᠰᠠᠷᠭᠠᠢ ᠴᠡᠴᠡᠭ ᠤᠨ ᠴᠠᠢ ᠂ ᠲᠤᠯᠤᠭᠤᠨ᠎ᠠ ᠶᠢᠨ ᠴᠠᠢ ᠶᠢ ᠢᠯᠡᠬᠦᠬᠡᠨ ᠤᠤᠭᠤᠪᠠᠯ ᠰᠠᠶᠢᠨ᠃ ᠠᠮᠠ ᠭᠠᠰᠢᠭᠤ ᠤᠷᠬᠢᠵᠤ ᠂ ᠠᠮᠠ ᠬᠠᠳᠠᠬᠤ ᠨᠢ ᠬᠡᠴᠡᠬᠦᠦ ᠪᠤᠯ ᠭᠠᠰᠢᠭᠤᠨ ᠭᠤᠸᠠ ᠢᠯᠡᠬᠦᠦ ᠢᠳᠡᠪᠡᠯ ᠰᠠᠶᠢᠨ᠃ ᠶᠠᠷᠢᠶᠠᠨ ᠦᠭᠡᠢ ᠤᠷᠮ᠎ᠠ ᠰᠡᠳᠬᠢᠯᠬᠡ ᠮᠠᠭᠤ ᠪᠠᠶᠢᠬᠤ ᠨᠢ ᠴᠢᠬᠤᠯᠠ ᠨᠢᠬᠡ ᠰᠢᠯᠳᠠᠭᠠᠨ ᠮᠦᠨ᠃ ᠲᠤᠬᠤ ᠴᠠᠶᠢᠬᠤ — ᠪᠦᠬᠡᠷ᠎ᠡ ᠶᠢᠨ ᠬᠡᠢ ᠬᠦᠢᠴᠡᠳ ᠦᠭᠡᠢ᠄ ᠲᠤᠬᠤ ᠲᠠᠢ ᠲᠤᠬᠢᠷᠠᠯᠴᠠᠬᠤ ᠡᠷᠬᠡᠳᠡᠨ ᠪᠤᠯ ᠲᠠᠪᠤᠰᠠᠩ ᠪᠤᠯᠤᠨ᠎ᠠ᠃ ᠲᠠᠪᠤᠰᠠᠩ ᠤᠨ ᠲᠠᠮᠢᠷ ᠮᠠᠭᠤ ᠬᠦᠮᠦᠨ ᠪᠤᠯ ᠤᠯᠠᠨ ᠰᠢᠬᠡᠵᠤ᠂ ᠰᠢᠬᠡᠰᠣ ᠠᠯᠳᠠᠬᠤ ᠪᠤᠶᠤ ᠰᠢᠬᠡᠰᠣ ᠪᠠᠨ ᠬᠤᠷᠢᠭᠯᠠᠵᠤ ᠴᠢᠳᠠᠬᠤ ᠦᠭᠡᠢ᠂ ᠰᠢᠬᠡᠬᠦ ᠳᠤ ᠬᠦᠴᠢᠷᠳᠡᠬᠦ ᠵᠡᠷᠬᠡ ᠢᠯᠡᠷᠡᠯ ᠭᠠᠷᠳᠠᠭ ᠃ ᠤᠴᠢᠷ  ᠨᠢ ᠲᠠᠪᠤᠰᠠᠩ ᠤᠨ ᠭᠤᠤᠯ ᠴᠢᠳᠠᠪᠤᠷᠢ ᠪᠤᠯ ᠰᠢᠬᠡᠰᠣ ᠶᠢ ᠬᠠᠳᠠᠭᠠᠯᠠᠬᠤ ᠪᠠ ᠰᠢᠬᠡᠰᠣ ᠶᠢ ᠭᠠᠳᠠᠭᠰᠢᠯᠠᠭᠤᠯᠤᠨ᠎ᠠ᠃ ᠡᠶᠢᠮᠤ ᠠᠴᠠ ᠡᠶᠢᠮᠤᠷᠬᠦᠦ ᠢᠯᠡᠷᠡᠯ ᠲᠠᠢ ᠬᠦᠮᠦᠰ ᠰᠢᠬᠡᠰᠤ ᠪᠠᠨ ᠬᠤᠷᠢᠬᠤ ᠦᠭᠡᠢ ᠪᠤᠯ ᠰᠠᠶᠢᠨ᠃ ᠡᠮᠨᠡᠬᠦ ᠠᠷᠭ᠎ᠠ ᠄ ᠪᠦᠬᠡᠷᠡᠨ ᠳᠤ ᠲᠤᠰᠠᠳᠠᠢ ᠢᠳᠡᠬᠡᠨ ᠢ ᠢᠳᠡᠨ᠎ᠡ᠃ ᠡᠷᠡᠭᠳᠠᠶᠢᠴᠤᠳ ᠠᠮᠢᠳᠠᠨ ᠤ ᠪᠦᠬᠡᠷ᠎ᠡ᠂ ᠨᠤᠬᠠᠢ ᠶᠢᠨ ᠮᠢᠬ᠎ᠠ᠂ ᠬᠤᠨᠢᠨ ᠮᠢᠬ᠎ᠠ᠂ ᠪᠤᠭᠤ ᠶᠢᠨ ᠮᠢᠬ᠎ᠠ᠂ ᠪᠢᠯᠵᠤᠤᠬᠠᠢ᠂ ᠵᠢᠷᠠᠭᠠᠬᠠᠢ᠂ ᠡᠷᠡᠭᠴᠢᠨ ᠲᠠᠬᠢᠶᠠᠨ ᠤ ᠮᠢᠬ᠎ᠠ᠂ ᠬᠤᠰᠢᠭ᠎ᠠ᠂ ᠬᠠᠷ᠎ᠠ ᠪᠤᠷᠴᠠᠭ ᠵᠡᠷᠬᠡ ᠶᠢ ᠢᠳᠡᠨ᠎ᠡ᠃ ᠡᠮᠡᠭᠳᠠᠶᠢᠴᠤᠳ ᠪᠤᠯ ᠬᠠᠳᠠᠭᠠᠮᠠᠯ ᠬᠢᠰᠤᠭ᠎ᠠ᠂ ᠠᠯᠠᠭᠠᠨ᠎ᠠ᠂ ᠲᠠᠣᠯᠠᠢ ᠶᠢᠨ ᠪᠦᠬᠡᠷ᠎ᠡ ᠵᠡᠷᠬᠡ ᠶᠢ ᠢᠳᠡᠨ᠎ᠡ᠃ ᠲᠡᠬᠡᠪᠡᠯ᠂ ᠶᠠᠭᠤ ᠢᠳᠡᠪᠡᠯ ᠰᠠᠶ᠋ᠢ ᠬᠡᠵᠢᠬᠡ ᠠᠯᠠᠭᠯᠠᠵᠤ ᠴᠠᠶᠢᠬᠤ ᠶᠢ ᠰᠡᠷᠬᠡᠶᠢᠯᠡᠵᠤ ᠴᠢᠳᠠᠬᠤ ᠪᠤᠢ ︖ ᠬᠡᠵᠢᠬᠡ ᠤᠷᠭᠤᠬᠤ ᠪᠠ ᠤᠨᠠᠬᠤ᠂ ᠦᠩᠭᠡ ᠬᠢᠯᠪᠠᠭ᠎ᠠ ᠲᠠᠢ ᠪᠠᠶᠢᠬᠤ ᠪᠠ ᠴᠠᠶᠢᠬᠤ ᠨᠢ ᠭᠤᠤᠯᠳᠠᠭᠤ ᠪᠦᠬᠡᠷ᠎ᠡ ᠶᠢᠨ ᠲᠠᠮᠢᠷ ᠪᠤᠯᠤᠨ ᠡᠯᠢᠬᠡᠨ ᠴᠢᠰᠤᠨ ᠤ ᠲᠡᠵᠢᠬᠡᠯ ᠳᠤ ᠲᠦᠰᠢᠭᠯᠡᠳᠡᠭ ᠃ ᠵᠠᠯᠠᠭᠤ ᠦᠶ᠎ᠡ ᠳᠤ ᠡᠯᠢᠬᠡᠨ ᠲᠠᠮᠢᠷ ᠪᠤᠯᠤᠨ ᠴᠢᠰᠤᠨ ᠬᠦᠶᠦᠳᠡᠯ ᠰᠠᠶᠢᠨ ᠤᠴᠢᠷ ᠠᠴᠠ ᠬᠡᠵᠢᠬᠡ ᠦᠰᠦ ᠲᠦᠷᠬᠡᠨ ᠤᠷᠭᠤᠬᠤ ᠪᠦᠬᠡᠳ ᠦᠩᠭᠡ ᠬᠢᠯᠪᠠᠭ᠎ᠠ ᠲᠠᠢ ᠪᠠᠶᠢᠳᠠᠭ᠃ ᠬᠡᠳᠡᠯ᠎ᠡ ᠦᠳᠡᠯᠬᠦ ᠦᠶᠠᠰ ᠲᠠᠮᠢᠷ ᠬᠦᠴᠦ ᠮᠠᠭᠤᠳᠠᠵᠤ᠂ ᠬᠡᠵᠢᠬᠡ ᠦᠰᠦ ᠴᠠᠶᠢᠳᠠᠭ ᠤᠨ ᠤᠴᠢᠷ ᠰᠢᠯᠳᠠᠭᠠᠨ ᠪᠤᠯ ᠬᠤᠳᠤᠭᠤᠳᠣ ᠲᠡᠯᠢᠬᠦᠦ ᠠᠴᠠ ᠬᠠᠩᠭᠠᠵᠤ ᠪᠦᠬᠦᠢ ᠰᠢᠮ᠎ᠡ ᠲᠡᠵᠢᠬᠡᠯ ᠬᠦᠷᠦᠯᠴᠡᠬᠦ ᠦᠭᠡᠢ ᠎ ᠠᠴᠠ ᠪᠤᠯᠵᠠᠢ ᠃ ᠬᠡᠵᠢᠬᠡ ᠴᠠᠶᠢᠬᠤ ᠶᠢ ᠰᠡᠷᠬᠡᠶᠢᠯᠡᠬᠦ ᠳᠤ ᠬᠠᠷ᠎ᠠ ᠦᠩᠭᠡ ᠲᠠᠢ ᠠᠮᠤ᠂ ᠬᠠᠷ᠎ᠠ ᠪᠤᠷᠴᠠᠭ᠂ ᠤᠯᠠᠭᠠᠨ ᠪᠤᠷᠴᠠᠭ᠂ ᠬᠠᠷ᠎ᠠ ᠮᠠᠭᠠᠵᠢ᠂ ᠬᠤᠰᠢᠭ᠎ᠠ ᠵᠡᠷᠬᠡ ᠶᠢ ᠦᠷᠬᠦᠯᠵᠢ ᠢᠳᠡᠵᠤ ᠪᠤᠯᠤᠨ᠎ᠠ᠃ ᠪᠠᠰᠠ ᠲᠠᠬᠢᠶᠠᠨ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ᠂ ᠭᠠᠭ᠋ᠠᠢ ᠶᠢᠨ ᠡᠯᠢᠬᠡ᠂ ᠬᠢᠵᠢᠮᠢ ᠵᠡᠷᠬᠡ ᠶᠢ ᠢᠯᠡᠬᠦᠬᠡᠨ ᠢᠳᠡᠵᠤ ᠪᠤᠯᠤᠨ᠎ᠠ᠃ ᠡᠬᠦᠨ ᠠᠴᠠ ᠭᠠᠳᠠᠨ᠎ᠠ ᠪᠠᠰᠠ ᠬᠤᠯᠤᠤᠪᠠᠩ᠂ ᠦᠷᠬᠡᠰᠦᠳᠣ ᠨᠤᠭᠤᠭ᠎ᠠ᠂ ᠦᠨᠦᠷᠳᠣ ᠮᠦᠬᠦ᠂ ᠬᠠᠷ᠎ᠠ ᠲᠠᠯᠳᠠᠤ ᠵᠡᠷᠬᠡ ᠶᠢ ᠦᠷᠬᠦᠯᠵᠢ ᠢᠳᠡᠪᠡᠯ ᠬᠡᠵᠢᠬᠡ ᠬᠠᠮᠠᠭᠠᠯᠠᠬᠤ ᠳᠤ ᠲᠤᠩ ᠲᠤᠰᠠᠳᠠᠢ᠃
 
ᠢᠷᠡᠯᠲᠡ᠄ ᠲᠥᠩᠯᠢᠶᠤᠤ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号