ᠤᠳᠤ ᠮᠠᠨ ᠤ ᠮᠤᠩᠭᠤᠯ ᠵᠠᠯᠠᠭᠤᠴᠤᠳ ᠤᠨ ᠳᠤᠳᠤᠷ᠎ᠠ ᠪᠦᠭᠡ ᠪᠤᠯᠪᠠᠰᠤᠷᠠᠵᠤ ᠪᠠᠶᠢᠭ᠎ᠠ ᠪᠤᠶᠤ ᠪᠦᠭᠡ | ᠪᠤᠯᠪᠠᠰᠤᠷᠠᠬᠤ ᠪᠤᠳᠤᠯ ᠲᠠᠢ ᠭᠦᠮᠦᠰ ᠤᠯᠠᠨ ᠪᠤᠯᠵᠤ ᠪᠠᠶᠢᠨ᠎ᠠ᠃ ᠡᠨᠡ ᠨᠢ ᠮᠤᠩᠭᠤᠯ ᠪᠦᠭᠡ ᠶᠢᠨ ᠦᠷᠭᠡᠨ | ᠰᠠᠭᠤᠷᠢ ᠲᠠᠢ᠂ ᠦᠷᠨᠢᠭᠦᠨ ᠭᠦᠭᠵᠢᠯ ᠲᠠᠢ ᠪᠤᠯᠬᠤ ᠳᠤ ᠠᠰᠢᠬᠳᠠᠢ ᠶᠤᠮ᠃ ᠭᠡᠳᠡᠯ᠎ᠡ ᠵᠠᠷᠢᠮ ᠨᠢᠭᠡ ᠪᠦᠯᠦᠭ | ᠵᠠᠯᠠᠭᠤᠴᠤᠳ ᠵᠦᠪᠭᠡᠨ ᠪᠦᠭᠡ ᠪᠤᠯᠤᠨ᠎ᠡ ᠭᠡᠳᠡᠭ ᠰᠠᠶᠢᠬᠠᠨ ᠭᠦᠰᠡᠯ ᠲᠠᠢ ᠯᠡ ᠪᠠᠶᠢᠵᠤ᠂ ᠪᠦᠭᠡ ᠪᠤᠯᠬᠤ ᠭᠦᠮᠦᠨ ᠤ | ᠡᠷᠡᠰ ᠬᠠᠳᠠᠭᠤ ᠵᠤᠷᠢᠭ ᠢ ᠪᠦᠷᠢᠯᠳᠦᠭᠦᠯᠵᠤ ᠦᠯᠦ ᠴᠢᠳᠠᠬᠰᠠᠨ ᠠᠴᠠ ᠪᠤᠯᠪᠠᠰᠤᠷᠠᠯ ᠤᠨ ᠬᠠᠳᠠᠭᠤ ᠶᠢ ᠳᠤᠭᠤᠯᠵᠤ | ᠳᠡᠶᠢᠯᠭᠦ ᠦᠭᠡᠢ ᠪᠤᠯᠬᠤ ᠳᠠᠭᠠᠨ ᠳᠤᠳᠠᠭᠤ ᠳᠤᠷᠭᠤᠨ ᠵᠤᠬᠰᠤᠵᠤ ᠪᠠᠶᠢᠭ᠎ᠠ ᠨᠢ ᠳᠠᠩᠴᠢ ᠬᠠᠷᠠᠮᠰᠠᠯᠳᠠᠢ᠃ ᠶᠠᠮᠠᠷ ᠨᠢᠭᠡᠨ | ᠠᠵᠢᠯ ᠦᠢᠯᠡᠰ ᠢ ᠭᠢᠵᠤ ᠪᠦᠳᠦᠭᠡᠭᠦ ᠳᠤ ᠪᠦᠷ ᠵᠤᠷᠢᠭ ᠪᠠᠶᠢᠬᠤ ᠭᠡᠷᠡᠭᠳᠡᠢ ᠪᠠᠶᠢᠳᠠᠭ ᠤᠨ ᠤᠴᠢᠷ ᠪᠦᠭᠡ ᠪᠤᠯᠬᠤ ᠳᠤ | ᠴᠤ ᠮᠦᠨ ᠠᠳᠠᠯᠢᠬᠠᠨ ᠰᠦᠰᠦ ᠵᠤᠷᠢᠭ ᠪᠠᠶᠢᠬᠤ ᠭᠡᠷᠡᠭᠳᠠᠢ᠃ ᠵᠤᠷᠢᠬ ᠰᠦᠰᠦ ᠪᠤᠯ ᠠᠯᠢᠪᠠ ᠭᠦᠴᠢᠷ ᠢ ᠢᠯᠠᠨ | ᠳᠠᠪᠠᠭ᠋ᠤ ᠶᠢᠨ ᠰᠠᠭᠤᠷᠢ ᠪᠤᠯᠤᠨ᠎ᠠ᠃ ᠳᠠᠮᠢᠷᠴᠢᠳ ᠤᠨ ᠰᠤᠷᠢᠭ᠎ᠠ ᠪᠤᠯᠪᠠᠰᠤᠷᠠᠯ ᠭᠡᠵᠤ ᠶᠠᠷᠤᠨᠢ ᠬᠠᠳᠠᠭᠤ ᠪᠠᠶᠢᠳᠠᠭ | ᠪᠦᠭᠡᠳ ᠭᠦᠴᠢᠷ ᠲᠦᠪᠡᠭ ᠲᠠᠢ ᠤᠯᠠᠨ ᠰᠤᠷᠢᠭ᠎ᠠ ᠪᠤᠯᠪᠠᠰᠤᠷᠠᠯ ᠢ ᠳᠤᠭᠤᠯᠵᠤ ᠭᠠᠷᠤᠮᠠᠨᠵᠢᠨ ᠰᠠᠶ᠋ᠢ ᠠᠮᠵᠢᠯᠳᠠ ᠳᠤ | ᠭᠦᠷᠴᠤ ᠴᠢᠳᠠᠳᠠᠭ᠃ ᠪᠦᠭᠡ ᠪᠤᠯᠪᠠᠰᠤᠷᠠᠬᠤ ᠴᠤ ᠮᠦᠨ ᠳᠠᠮᠢᠷ ᠪᠤᠯᠪᠠᠰᠤᠷᠠᠬᠤ ᠲᠠᠢ ᠠᠳᠠᠯᠢᠬᠠᠨ ᠤᠯᠠᠨ ᠠᠷᠪᠢᠨ | ᠬᠠᠳᠠᠭᠤ ᠳᠠᠪᠠᠭ᠎ᠠ ᠶᠢ ᠳᠠᠪᠠᠭ᠋ᠤ ᠭᠡᠷᠡᠭᠳᠡᠢ ᠶᠤᠮ᠃ ᠳᠤᠬᠠᠢᠢᠯᠠᠪᠠᠯ ᠦᠷᠯᠦᠭᠡ ᠡᠷᠳᠡ ᠪᠤᠰᠴᠤ ᠭᠦᠶᠦᠨ᠎ᠡ᠂ ᠮᠡᠭᠡ | ᠮᠡᠷᠭᠡᠵᠢᠯ ᠤᠨ ᠪᠤᠯᠪᠠᠰᠤᠷᠠᠯ ᠭᠢᠨ᠎ᠠ᠂ ᠭᠦᠴᠦ ᠴᠢᠳᠠᠯ ᠢᠶᠠᠨ ᠪᠤᠯᠪᠠᠰᠤᠷᠠᠭᠤᠯᠤᠨ᠎ᠠ᠂ ᠪᠤᠰᠤᠳ ᠳᠠᠮᠢᠷᠴᠢᠳ ᠲᠠᠢ ᠪᠠᠨ | ᠪᠠᠷᠢᠯᠳᠤᠵᠤ ᠮᠡᠷᠭᠡᠵᠢᠯ ᠢᠶᠠᠨ ᠳᠡᠭᠡᠭᠰᠢᠯᠡᠭᠦᠯᠦᠨ᠎ᠡ ᠁ ᠭᠡᠳ ᠤᠯᠠᠨ ᠠᠷᠪᠢᠨ ᠬᠠᠳᠠᠭᠤ ᠪᠤᠯᠪᠠᠰᠤᠷᠠᠯ ᠢ ᠭᠢᠳᠡᠭ᠃ | ᠭᠡᠭᠦ ᠳᠤ ᠵᠠᠷᠢᠮ ᠵᠠᠯᠠᠭᠤᠴᠤᠳ ᠨᠢ ᠡᠪᠤᠯ ᠤᠨ ᠭᠦᠢᠳᠡᠨ ᠳᠤ ᠬᠠᠯᠠᠭᠤᠨ ᠡᠪᠤᠷ ᠠᠴᠠ ᠪᠠᠨ ᠪᠤᠰᠴᠤ ᠳᠡᠰᠭᠢᠮᠡ | ᠭᠦᠢᠳᠡᠨ ᠢ ᠰᠦᠷᠴᠤ ᠭᠦᠶᠦᠭᠦ ᠠᠴᠠ ᠬᠠᠯᠢᠷᠠᠨ ᠪᠤᠯᠪᠠᠰᠤᠷᠠᠯ ᠢᠶᠠᠨ ᠳᠤᠳᠠᠭᠤ ᠤᠷᠭᠢᠳᠠᠭ᠃ ᠪᠠᠰᠠ ᠵᠠᠷᠢᠮ ᠨᠢ ᠭᠦᠨᠳᠤ | ᠭᠡᠴᠡᠭᠦᠦ ᠪᠤᠯᠪᠠᠰᠤᠷᠠᠯ ᠢ ᠳᠠᠭᠠᠭᠠᠵᠤ ᠳᠡᠶᠢᠯᠭᠦ ᠦᠭᠡᠢ ᠪᠤᠯᠬᠤ ᠳᠠᠭᠠᠨ ᠪᠦᠭᠡ ᠪᠤᠯᠬᠤ ᠭᠡᠰᠡᠨ ᠰᠠᠶᠢᠬᠠᠨ ᠭᠦᠰᠡᠯ ᠢᠶᠠᠨ | ᠳᠤᠳᠠᠭᠤ ᠤᠷᠭᠢᠳᠠᠭ᠃ ᠨᠤᠳᠤᠭ ᠤᠨ ᠮᠢᠨᠢ ᠨᠢᠭᠡᠨ ᠳᠠᠨᠢᠯ ᠵᠠᠯᠠᠭᠤ ᠪᠦᠭᠡ ᠳᠤ ᠠᠷᠭ᠎ᠠ ᠦᠭᠡᠢ ᠬᠠᠶᠢᠷᠠᠳᠠᠢ | ᠪᠠᠶᠢᠳᠠᠭ ᠠᠴᠠ ᠦᠪᠡᠷ ᠤᠨ ᠪᠦᠭᠡᠴᠢᠨ ᠪᠤᠯᠬᠤ ᠭᠡᠰᠡᠨ ᠭᠦᠰᠡᠯ ᠢᠶᠠᠨ ᠪᠡᠶᠡᠯᠡᠭᠦᠯᠭᠦ ᠭᠡᠵᠤ ᠰᠤᠷᠤᠯᠭ᠎ᠠ ᠪᠠᠨ ᠳᠤᠷᠭᠤᠨ | ᠵᠤᠬᠰᠤᠵᠤ ᠠᠶᠢᠮᠠᠭ ᠤᠨ ᠪᠦᠭᠡ ᠶᠢᠨ ᠠᠩᠭᠢ ᠳᠤ ᠰᠤᠷᠢᠭ᠎ᠠ ᠭᠢᠭᠦ ᠪᠠᠷ ᠢᠷᠡᠵᠤ ᠪᠢᠯᠡ᠃ ᠭᠡᠳᠡᠯ᠎ᠡ ᠰᠤᠷᠢᠭᠠᠨ ᠳᠤ | ᠰᠠᠭᠤᠭᠠᠳ ᠠᠷᠠᠢ ᠬᠠᠭᠠᠰ ᠵᠢᠯ ᠪᠤᠯᠤᠬᠰᠠᠨ ᠦᠭᠡᠢ ᠳᠡᠷᠡ ᠭᠡᠷ ᠲᠡᠭᠡᠨ ᠬᠠᠷᠢᠬᠰᠠᠨ ᠪᠠᠶᠢᠯ᠎ᠠ᠃ ᠳᠠᠨᠢᠵᠤ ᠮᠡᠳᠡᠳᠡᠭ | ᠭᠦᠮᠦᠰ ᠨᠢ ᠳᠡᠭᠦᠨ ᠠᠴᠠ ︽ᠵᠠ᠂ ᠶᠠᠭᠠᠭᠢᠭᠠᠳ ᠰᠤᠷᠢᠭ᠎ᠠ ᠪᠤᠯᠪᠠᠰᠤᠷᠠᠯ ᠳᠠᠭᠠᠨ ᠰᠠᠭᠤᠬᠤ ᠦᠭᠡᠢ ᠬᠠᠷᠢᠭᠠᠳ | ᠢᠷᠠᠪᠠᠤ︖︾ ᠭᠡᠭᠦ ᠳᠤ ︽ᠰᠤᠷᠢᠭᠠᠨ ᠳᠤ ᠰᠠᠭᠤᠨ᠎ᠠ ᠭᠡᠳᠡᠭ ᠴᠢᠨᠢ ᠦᠢᠯᠡ ᠳᠠᠮᠤ ᠪᠠᠨ ᠦᠵᠡᠭᠰᠡᠨ ᠠᠵᠤ᠂ | ᠡᠳᠤᠷᠵᠢᠨ ᠪᠦᠭᠡᠴᠢᠳ ᠢᠶᠠᠷ ᠰᠢᠳᠡᠭᠳᠡᠭᠡᠳ ᠬᠠᠮᠤᠭ ᠪᠡᠶ᠎ᠡ ᠵᠠᠳᠠᠷᠠᠬᠤ ᠳᠤ ᠭᠦᠷᠴᠤ ᠪᠠᠶᠢᠨ᠎ᠠ᠃ ᠳᠠᠭᠢᠵᠤ ᠯᠡ ᠪᠦᠭᠡ | ᠭᠡᠳ ᠳᠡᠷᠪᠡᠭᠦ ᠦᠭᠡᠢ︾ ᠭᠡᠰᠡᠨ ᠭᠡᠨ᠎ᠡ᠃ ᠡᠳᠤᠢ ᠵᠢᠭᠠᠬᠠᠨ ᠭᠦᠴᠢᠷ ᠢ ᠳᠡᠰᠪᠦᠷᠢᠯᠡᠵᠤ ᠳᠡᠶᠢᠯᠭᠦ ᠦᠭᠡᠢ ᠪᠠᠷ ᠪᠢᠳᠡ | ᠶᠠᠭᠠᠭᠢᠵᠤ ᠦᠪᠡᠷ ᠤᠨ ᠭᠦᠰᠡᠯ ᠢᠶᠠᠨ ᠪᠡᠶᠡᠯᠡᠭᠦᠯᠭᠦ ᠪᠢᠯᠡ⁈ | ᠪᠢᠳᠡ ᠨᠠᠷᠠᠲᠤ ᠪᠦᠭᠡᠴᠢᠳ ᠤᠨ ᠤᠷᠠᠨ ᠰᠠᠶᠢᠬᠠᠨ ᠪᠠᠷᠢᠯᠳᠤᠭᠠᠨ ᠢ ᠪᠠᠭ᠋ᠠᠳᠤᠵᠤ ᠪᠢᠰᠢᠷᠡᠵᠤ ᠶᠠᠪᠤᠬᠤ ᠳᠠᠭᠠᠨ | ᠮᠦᠨ ᠳᠡᠳᠡᠨ ᠤ ᠭᠦᠴᠢᠷ ᠪᠡᠷᠭᠡ ᠶᠢ ᠳᠤᠭᠤᠯᠵᠤ ᠭᠠᠷᠤᠬᠰᠠᠨ ᠡᠷᠡᠰ ᠬᠠᠳᠠᠭᠤ ᠵᠤᠷᠢᠭ ᠰᠠᠨᠠᠭ᠎ᠠ ᠶᠢ ᠴᠤ ᠲᠠᠭᠠᠨ | ᠰᠤᠷᠤᠯᠴᠠᠬᠤ ᠶᠤᠰᠤᠳᠠᠢ᠃ ᠠᠯᠳᠠᠷᠳᠤ ᠪᠦᠭᠡᠴᠢᠳ ᠤᠨ ᠠᠮᠵᠢᠯᠳᠠ ᠪᠦᠳᠦᠮᠵᠢ ᠳᠤ ᠳᠡᠳᠡᠨ ᠤ ᠭᠦᠴᠦ ᠭᠦᠯᠦᠰᠦ | ᠰᠢᠩᠭᠡᠵᠤ ᠪᠠᠶᠢᠬᠤ ᠪᠠᠷ ᠦᠯᠦ ᠪᠠᠷᠠᠮ ᠪᠠᠰᠠ ᠳᠡᠳᠡᠨ ᠤ ᠭᠦᠴᠢᠷ ᠪᠡᠷᠭᠡ ᠶᠢ ᠳᠤᠭᠤᠯᠵᠤ ᠭᠠᠷᠬᠤ ᠵᠤᠷᠢᠭ ᠰᠦᠰᠦ ᠴᠤ | ᠰᠢᠩᠭᠡᠵᠤ ᠪᠠᠶᠢᠳᠠᠭ᠃ ᠳᠡᠶᠢᠮᠤ ᠠᠴᠠ ᠪᠦᠭᠡ ᠪᠤᠯᠪᠠᠰᠤᠷᠠᠵᠤ ᠪᠠᠶᠢᠭ᠎ᠠ ᠵᠠᠯᠠᠭᠤᠴᠤᠳ ᠮᠢᠨᠢ ᠦᠪᠡᠷ ᠤᠨ ᠳᠤᠷᠠᠳᠠᠢ | ᠬᠠᠶᠢᠷᠠᠳᠠᠢ ᠵᠦᠢᠯ ᠳᠡᠭᠡᠨ ᠵᠢᠳᠭᠦᠭᠦ ᠳᠡᠭᠡᠨ ᠠᠯᠢᠪᠠ ᠭᠦᠴᠢᠷ ᠪᠡᠷᠭᠡ ᠶᠢ ᠳᠤᠭᠤᠯᠵᠤ ᠭᠠᠷᠬᠤ ᠵᠤᠷᠢᠭ ᠲᠠᠢ ᠪᠠᠶᠢᠪᠠᠯ | ᠵᠤᠭᠢᠨ᠎ᠠ᠃ | |