ᠵᠡᠭᠦᠨ ᠰᠦᠨᠢᠳ ᠤᠨ ᠤᠪᠤᠭ ᠤᠭᠰᠠᠭ᠎ᠠ
ᠨᠡᠶᠢᠲᠡᠯᠡᠭᠰᠡᠨ ᠴᠠᠭ᠄
2022/12/13
    ᠳ᠋᠊᠂ ᠴᠠᠭᠠᠨ ᠭᠤᠸᠠᠢ ᠭᠤᠷᠪᠠ ᠤᠳᠠᠭ᠎ᠠ ᠨᠡᠶᠢᠬᠡᠮ ᠤᠨ ᠪᠠᠶᠢᠴᠠᠭᠠᠯᠲᠠ ᠬᠢᠬᠡᠳ ᠰᠦᠨᠢᠳ ᠵᠡᠬᠦᠨ ᠬᠤᠰᠢᠭᠤᠨ ᠤ ᠤᠪᠤᠭ ︵ᠤᠮᠤᠭ︶᠎ ᠤᠨ ᠲᠠᠷᠬᠠᠯᠲᠠ ᠶᠢᠨ ᠪᠠᠶᠢᠳᠠᠯ ᠢ ᠶᠡᠭᠡ ᠲᠦᠯᠦᠪ ᠲᠤᠳᠤᠷᠬᠠᠶᠢᠯᠠᠵᠠᠢ᠃     ᠠᠷᠤ ᠪᠠᠷᠠᠭᠤᠨ ᠵᠡᠯᠡᠨ ︵ᠤᠳᠤ ᠶᠢᠨ ᠰᠦᠨᠢᠳ ᠵᠡᠬᠦᠨ ᠬᠤᠰᠢᠭᠤᠨ ᠤ ᠰᠠᠶᠢᠬᠠᠨ ᠭᠤᠪᠢ ᠰᠤᠮᠤ᠂ ᠴᠠᠭᠠᠨᠪᠤᠭ᠎ᠠ ᠰᠤᠮᠤ ᠶᠢᠨ ᠬᠠᠭᠠᠰ ᠪᠠᠭᠲᠠᠨ᠎ᠠ︶᠎ ᠳᠤ᠄ ᠳᠠᠷᠬᠠᠳ ᠤᠪᠤᠭ᠂ ᠠᠵᠢᠭ ᠤᠪᠤᠭ᠂ ᠬᠡᠨᠳᠡᠳ ᠤᠪᠤᠭ᠂ ᠬᠦᠬᠡᠨᠤᠳ ᠤᠪᠤᠭ᠂ ᠪᠤᠷᠵᠢᠬᠢᠳ ᠤᠪᠤᠭ᠂ ᠬᠠᠩᠭᠢᠨ ᠤᠪᠤᠭ᠂ ᠲᠠᠷᠠᠯᠠᠨ ᠤᠪᠤᠭ᠂ ᠰᠢᠷ᠎ᠠ ᠨᠢᠳᠤᠳᠤ ᠤᠪᠤᠭ᠂ ᠲᠡᠮᠡᠭᠡᠴᠢᠨ ᠤᠪᠤᠭ᠂ ᠮᠡᠷᠬᠢᠳ ᠤᠪᠤᠭ᠂ ᠦᠵᠢᠶᠡᠳ ᠤᠪᠤᠭ᠂ ᠪᠤᠷᠤᠨᠤᠳ ᠤᠪᠤᠭ᠂ ᠴᠢᠨᠤᠰ ᠤᠪᠤᠭ᠂ ᠴᠠᠭᠠᠨ ᠤᠪᠤᠭ᠂ ᠯᠤᠩᠬᠤᠴᠢᠨ ᠤᠪᠤᠭ᠂ ᠬᠦᠷᠦᠬᠡᠴᠢᠨ ᠤᠪᠤᠭ᠂ ᠬᠦᠬᠡ ᠰᠦᠨᠢᠳ ᠤᠪᠤᠭ᠂ ᠦᠬᠡᠷᠴᠢᠨ ᠤᠪᠤᠭ᠂ ᠶᠦᠩᠰᠢᠶᠠᠪᠤ ᠤᠪᠤᠭ᠂ ᠬᠡᠷᠡᠶᠢᠳ ᠤᠪᠤᠭ ᠵᠡᠷᠭᠡ ᠬᠤᠷᠢ ᠭᠠᠷᠤᠢ ᠤᠪᠤᠭ ᠤᠨ ᠠᠶᠢᠯ ᠤᠳ ᠪᠠᠶᠢᠵᠠᠢ᠃     ᠠᠷᠤ ᠵᠡᠬᠦᠨ ᠵᠡᠯᠡᠨ ︵ᠤᠳᠤ ᠶᠢᠨ ᠵᠡᠬᠦᠨ ᠰᠦᠨᠢᠳ ᠬᠤᠰᠢᠭᠤᠨ ᠤ ᠴᠠᠭᠠᠨᠪᠤᠭ᠎ᠠ ᠰᠤᠮᠤ ᠶᠢᠨ ᠬᠠᠭᠠᠰ ᠪᠠᠶᠠᠨ ᠪᠤᠯᠠᠭ᠂ ᠳᠠᠯᠠᠢ ᠰᠤᠮᠤ᠂ ᠬᠤᠩᠭᠤᠷ ᠰᠤᠮᠤ︶᠎ ᠳᠤ᠄ ᠰᠢᠷᠠᠨᠤᠳ ᠤᠪᠤᠭ᠂ ᠭᠦᠬᠡᠨᠤᠳ ᠤᠪᠤᠭ᠂ ᠠᠳᠤᠭᠤᠴᠢᠨ ᠤᠪᠤᠭ᠂ ᠴᠠᠭᠠᠨ ᠤᠪᠤᠭ᠂ ᠶᠡᠭᠡ ᠴᠠᠭᠠᠨ ᠤᠪᠤᠭ᠂ ᠪᠠᠷᠢᠯᠠᠳ ᠬᠠᠯᠬ᠎ᠠ ᠤᠪᠤᠭ᠂ ᠬᠠᠳᠠᠬᠢᠳ ᠤᠪᠤᠭ᠂ ᠭᠠᠯᠴᠢ ᠤᠪᠤᠭ᠂ ᠶᠦᠩᠰᠢᠶᠠᠪᠤ ᠤᠪᠤᠭ᠂ ᠯᠤᠩᠬᠤᠴᠢᠨ ᠤᠪᠤᠭ᠂ ᠳᠠᠷᠬᠠᠳ ᠤᠪᠤᠭ ︵ᠶᠡᠭᠡ ᠳᠠᠷᠬᠠᠳ ᠬᠢᠨ ᠴᠦ ᠭᠡᠳᠡᠭ︶᠂ ᠬᠠᠷ᠎ᠠ ᠬᠡᠷᠡᠶᠢᠳ ᠤᠪᠤᠭ᠂ ᠨᠤᠮᠤᠴᠢᠨ ᠤᠪᠤᠭ᠂ ᠰᠠᠭᠠᠳᠠᠭᠴᠢᠨ ᠤᠪᠤᠭ᠂ ᠬᠤᠯᠠᠨ ᠤᠪᠤᠭ᠂ ᠭᠠᠯᠳᠠᠳ ᠤᠪᠤᠭ᠂ ᠠᠵᠢᠭ ᠤᠪᠤᠭ᠂ ᠦᠬᠡᠷ ᠰᠦᠨᠢᠳ ᠤᠪᠤᠭ ᠵᠡᠷᠭᠡ ᠠᠷᠪᠠ ᠶᠢᠰᠤᠨ ᠤᠪᠤᠭ ᠤᠨ ᠠᠶᠢᠯ ᠤᠳ ᠪᠠᠶᠢᠵᠠᠢ᠃     ᠦᠪᠦᠷ ᠪᠠᠷᠠᠭᠤᠨ ᠵᠡᠯᠡᠨ ︵ᠤᠳᠤ ᠶᠢᠨ ᠰᠦᠨᠢᠳ ᠵᠡᠬᠦᠨ ᠬᠤᠰᠢᠭᠤᠨ ᠤ ᠲᠦᠪ᠂ ᠪᠠᠶᠠᠨᠪᠤᠯᠤᠳ ᠰᠤᠮᠤ᠂ ᠴᠠᠭᠠᠨᠨᠠᠭᠤᠷ ᠰᠤᠮᠤ︶᠎ ᠳᠤ᠄ ᠶᠦᠩᠰᠢᠶᠠᠪᠤ ᠤᠪᠤᠭ᠂ ᠠᠵᠢᠭ ᠬᠠᠷ᠎ᠠ ᠤᠪᠤᠭ᠂ ᠦᠵᠢᠶᠡᠳ ᠤᠪᠤᠭ᠂ ᠡᠶᠢᠮᠡᠨ ᠤᠪᠤᠭ ᠂ ᠰᠠᠯᠵᠢᠭᠤᠳ ᠤᠪᠤᠭ᠂ ᠠᠳᠤᠭᠤᠴᠢᠨ ᠤᠪᠤᠭ᠂ ᠬᠠᠩᠭᠢᠨ ᠤᠪᠤᠭ᠂ ᠲᠠᠶᠢᠴᠢᠭᠤᠳ ᠤᠪᠤᠭ᠂ ᠤᠯᠭᠤᠳ ᠤᠪᠤᠭ᠂ ᠠᠷᠤᠯᠤᠨ ᠤᠪᠤᠭ᠂ ᠰᠦᠨᠢᠳ ᠤᠪᠤᠭ᠂ ᠪᠤᠷᠤᠨᠤᠳ ᠤᠪᠤᠭ᠂ ᠪᠤᠷᠤᠯᠤᠭ ᠤᠪᠤᠭ ᠵᠡᠷᠭᠡ ᠠᠷᠪᠠᠨ ᠭᠤᠷᠪᠠᠨ ᠤᠪᠤᠭ ᠎ ᠤᠨ ᠠᠶᠢᠯ ᠤᠳ ᠪᠠᠶᠢᠵᠠᠢ᠃     ᠦᠪᠦᠷ ᠵᠡᠬᠦᠨ ᠵᠡᠯᠡᠨ ︵ᠤᠳᠤ ᠶᠢᠨ ᠰᠦᠨᠢᠳ ᠵᠡᠬᠦᠨ ᠬᠤᠰᠢᠭᠤᠨ ᠤ ᠴᠠᠩᠲᠤᠰᠢᠯᠢ᠂ ᠪᠠᠶᠢᠷᠢᠭᠤᠯᠠ ᠰᠤᠮᠤ︶ ᠎ ᠳᠤ᠄ ᠰᠦᠨᠢᠳ ᠤᠪᠤᠭ᠂ ᠳᠡᠭᠦᠵᠢᠩ ᠬᠦᠬᠡ ᠶᠢᠨ ᠬᠢᠨ᠂ ᠤᠷᠢᠶᠠᠩᠬᠠᠶᠢᠳ ᠤᠪᠤᠭ᠂ ᠤᠩᠭᠤᠨᠤᠳ ᠤᠪᠤᠭ᠂ ᠪᠠᠶᠠᠭᠤᠳ ᠤᠪᠤᠭ᠂ ᠦᠵᠢᠶᠡᠳ ᠤᠪᠤᠭ᠂ ᠳᠠᠷᠬᠠᠳ ᠤᠪᠤᠭ᠂ ᠪᠠᠭ᠎ᠠ ᠳᠠᠷᠬᠠᠳ ᠤᠪᠤᠭ᠂ ᠶᠦᠩᠰᠢᠶᠠᠪᠤ ᠤᠪᠤᠭ᠂ ᠭᠠᠵᠢᠳ ᠤᠪᠤᠭ᠂ ᠲᠠᠷᠠᠯᠠᠨ ᠤᠪᠤᠭ᠂ ᠬᠠᠳᠠᠬᠢᠨ ᠤᠪᠤᠭ᠂ ᠪᠦᠬᠡᠨᠤᠳ ᠤᠪᠤᠭ᠂ ᠬᠠᠷᠠᠭᠤᠳ ᠤᠪᠤᠭ᠂ ᠬᠠᠷ᠎ᠠ ᠮᠡᠷᠬᠢᠳ ᠤᠪᠤᠭ᠂ ᠡᠷᠢᠶ᠎ᠡ ︵ᠡᠷᠢᠶᠡᠳ ᠤᠪᠤᠭ︶ ᠤᠪᠤᠭ᠂ ᠪᠦᠷᠢᠶᠡᠴᠢᠨ ᠤᠪᠤᠭ᠂ ᠠᠵᠢᠭ ᠬᠠᠷ᠎ᠠ ᠶᠢᠨ ᠬᠢᠨ ᠵᠡᠷᠭᠡ ᠠᠷᠪᠠᠨ ᠨᠠᠢᠮᠠᠨ ᠤᠪᠤᠭ ᠤᠨ ᠠᠶᠢᠯ ᠤᠳ ᠪᠠᠶᠢᠵᠠᠢ᠃
 
ᠢᠷᠡᠯᠲᠡ᠄ ᠬᠤᠰᠢᠭᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号