ᠬᠠᠨᠠᠭᠤᠷ ᠵᠠᠰᠠᠯ ᠤᠨ ᠴᠢᠯᠠᠭᠤᠨ ᠵᠡᠭᠦᠦ | ᠬᠡᠨᠳᠠᠢ ᠠᠶᠢᠮᠠᠭ ᠤᠨ ᠬᠡᠷᠦᠯᠦᠨ ᠭᠤᠤᠯ ᠤᠨ ᠪᠠᠷᠠᠭᠤᠨ ᠡᠷᠬᠢ ᠪᠠᠷ ᠬᠢᠬᠡᠭᠳᠡᠭᠰᠡᠨ ᠬᠠᠭᠤᠴᠢ ᠰᠣᠳᠣᠯᠤᠯ ᠤᠨ | ᠰᠣᠳᠣᠯᠭᠠᠨ ᠤ ᠶᠠᠪᠤᠴᠠ ᠳᠤ ᠬᠠᠨᠠᠭᠤᠷ ᠵᠠᠰᠠᠯ ᠤᠨ ᠪᠠᠭᠠᠵᠢ ᠪᠤᠯᠬᠤ ᠴᠢᠯᠠᠭᠤᠨ ᠵᠡᠭᠦᠦ ᠤᠯᠳᠠᠵᠠᠢ᠃ ᠡᠨᠡ | ᠤᠯᠳᠠᠪᠤᠷᠢ ᠶᠢ ᠦᠪᠦᠷ ᠮᠤᠩᠭᠤᠯ ᠤᠨ ᠲᠤᠯᠤᠨᠨᠠᠭᠤᠷ ᠤᠷᠴᠢᠮ ᠠᠴᠠ ᠭᠠᠷᠤᠭᠰᠠᠨ ᠴᠢᠯᠠᠭᠤᠨ ᠵᠡᠬᠦᠤ ︵4.6 | ᠰᠡᠨᠲ᠋ᠢᠮᠧᠲᠷ ᠤᠷᠳᠦ᠂ ᠱᠤᠪᠬᠤ ᠦᠵᠦᠬᠦᠷ ᠲᠠᠢ᠂ ᠪᠠᠷᠢᠭᠤᠯ ᠪᠤᠶᠤ ᠪᠦᠭᠰᠡᠨ ᠲᠠᠯ᠎ᠠ ᠨᠢ︶ ᠲᠦᠷᠪᠡᠯᠵᠢᠨ ︵ | ᠡᠭᠦᠨ ᠢᠶᠠᠷ ᠶᠠᠭᠤᠮ᠎ᠠ ᠤᠶᠤᠳᠠᠭ ᠵᠡᠭᠦᠦ ᠠᠴᠠ ᠢᠯᠭᠠᠭ᠎ᠠ ᠲᠠᠢ︶ ᠠᠳᠠᠯᠢ ᠪᠠᠷ ᠮᠤᠩᠭᠤᠯ ᠨᠤᠳᠤᠭ ᠲᠠᠬᠢ ᠡᠷᠳᠡᠨ ᠤ | ᠴᠢᠯᠠᠭᠤᠨ ᠵᠡᠪᠰᠡᠭ ᠤᠨ ︵ᠰᠢᠨ᠎ᠠ ᠴᠢᠯᠠᠭᠤᠨ ᠵᠡᠪᠰᠡᠭ ᠤᠨ︶ ᠦᠶ᠎ᠡ ᠶᠢᠨ ᠬᠢᠨ ᠬᠠᠨᠠᠭᠤᠷ ᠵᠠᠰᠠᠯ ᠬᠡᠵᠦ ᠪᠠᠶᠢᠭᠰᠠᠨ | ᠪᠠᠷᠢᠮᠳᠠ ᠬᠡᠮᠡᠨ ᠵᠠᠷᠢᠮ ᠰᠣᠳᠣᠯᠣᠭᠠᠴᠢᠳ ᠦᠵᠡᠵᠦ ᠪᠤᠢ᠃ ᠡᠨᠡ ᠨᠢ ᠴᠦ ᠲᠤᠳᠤᠷᠬᠠᠢ ᠦᠨᠳᠦᠰᠦ ᠲᠠᠢ ᠠᠵᠤᠭᠤ᠃ | ᠬᠢᠳᠡᠳ ᠨᠤᠳᠤᠭ ᠠᠴᠠ ᠤᠯᠳᠠᠭᠰᠠᠨ ᠭᠦᠷᠡᠯ ᠵᠡᠭᠦᠦ ᠲᠠᠢ᠂ ᠮᠤᠩᠭᠤᠯ ᠨᠤᠳᠤᠭ ᠠᠴᠠ ᠤᠯᠳᠠᠭᠰᠠᠨ ᠴᠢᠯᠠᠭᠤᠨ ᠵᠡᠬᠦᠤ | ᠨᠢ ᠬᠡᠮᠵᠢᠶ᠎ᠡ ᠲᠡᠮᠵᠢᠶ᠎ᠡ ᠬᠡᠯᠪᠡᠷᠢ ᠲᠦᠷᠰᠦ ᠪᠠᠷ ᠠᠳᠠᠯᠢ ᠪᠠᠶᠢᠵᠠᠢ᠃ ᠲᠡᠭᠡᠷ᠎ᠡ ᠦᠭᠦᠯᠡᠭᠳᠡᠭᠰᠡᠨ ᠴᠢᠯᠠᠭᠤᠨ ᠵᠡᠭᠦᠦ ᠨᠢ | ᠬᠤᠵᠢᠮ ᠨᠢ ᠤᠯᠠᠮᠵᠢᠯᠠᠯᠳᠣ ᠮᠤᠩᠭᠤᠯ ᠡᠮᠨᠡᠯᠭᠡ ᠳᠤ ᠬᠠᠨᠠᠭᠤᠷ᠂ ᠬᠠᠯᠠᠭᠤᠨ ᠭᠦᠢᠳᠡᠨ ᠲᠦᠷᠢᠮ ᠡᠮᠴᠢᠯᠡᠭᠡᠨ ᠤ | ᠪᠠᠭᠠᠵᠢ ᠪᠤᠯᠤᠨ ᠦᠭᠡᠷᠡᠴᠢᠯᠡᠭᠳᠡᠵᠦ᠂ ᠤᠯᠠᠮ ᠢᠶᠠᠷ ᠲᠤᠷᠤᠨ᠎ᠠ ᠶᠢᠨ ᠠᠨᠠᠭᠠᠬᠤ ᠤᠬᠠᠭᠠᠨ᠄ ᠵᠡᠭᠦᠦ ᠡᠮᠴᠢᠯᠡᠭᠡᠨ ᠤ | ᠭᠤᠤᠯ ᠪᠠᠭᠠᠵᠢ ᠶᠢᠰᠦᠨ ᠵᠡᠭᠦᠦ ᠶᠢᠨ ᠠᠷᠭ᠎ᠠ ᠪᠤᠯᠳᠠᠯ᠎ᠠ ᠪᠠᠨ ᠭᠦᠭᠵᠢᠭᠰᠡᠨ ᠠᠵᠤᠭᠤ᠃ | ᠡᠷᠳᠡᠨ ᠤ ᠲᠤᠷᠤᠨ᠎ᠠ ᠠᠨᠠᠭᠠᠬᠤ ᠤᠬᠠᠭᠠᠨ᠂ ᠲᠤᠬᠠᠶᠢᠯᠠᠪᠠᠯ ᠡᠷᠳᠡᠨ ᠤ ᠬᠢᠳᠡᠳ ᠡᠮᠴᠢᠯᠡᠬᠡᠨ ᠤ ᠶᠢᠰᠦᠨ | ᠵᠡᠭᠦᠦ ᠶᠢᠨ ᠬᠡᠮᠵᠢᠶ᠎ᠡ ᠲᠠᠮᠵᠢᠶᠠ᠂ ᠬᠡᠯᠪᠡᠷᠢ ᠶᠠᠩᠵᠤ ᠨᠢ ᠮᠤᠩᠭᠤᠯ ᠨᠤᠳᠤᠭ ᠠᠴᠠ ᠤᠯᠳᠠᠭᠰᠠᠨ ᠴᠢᠯᠠᠭᠤᠨ ᠵᠡᠭᠦᠦ ᠶᠢᠨ | ᠲᠡᠷᠡᠬᠦ ᠬᠡᠯᠪᠡᠷᠢ ᠶᠢ ᠬᠠᠳᠠᠭᠠᠯᠠᠭᠰᠠᠨ ᠪᠠᠶᠢᠳᠠᠭ ᠪᠢᠯᠡ᠃ |