ᠴᠢᠯᠠᠭᠤᠨ ᠵᠠᠳᠠᠭᠦᠦ
ᠨᠡᠶᠢᠲᠡᠯᠡᠭᠰᠡᠨ ᠴᠠᠭ᠄
2013/7/6
             ᠴᠢᠯᠠᠭᠤᠨ ᠵᠠᠳᠠᠭᠦᠦ      ᠵᠠᠳᠠᠭᠦᠦ ᠊᠊᠊᠊᠊᠊ ᠨᠢᠭᠡ ᠲᠠᠯ᠎ᠠ ᠳᠠᠭᠠᠨ ᠴᠢᠯᠠᠭᠤ᠂ ᠶᠠᠰᠦ ᠶᠤᠮ ᠤᠤ ᠲᠡᠮᠦᠷ ᠮᠠᠯᠠᠭᠠᠢ ᠬᠤᠰᠢᠭᠤ ᠲᠠᠢ ᠨᠦᠭᠦᠭᠡ ᠲᠠᠯ᠎ᠠ ᠳᠠᠭᠠᠨ ᠤᠡᠭᠭᠢ ᠪᠦᠭᠦᠢ ᠡᠰᠢᠯᠡᠵᠦ ᠭᠠᠵᠠᠷ ᠤᠡᠭᠬᠢᠯᠡᠬᠤ ᠮᠠᠯᠳᠠᠬᠤ ᠭᠠᠷ ᠵᠡᠪᠰᠡᠭ᠂ ᠬᠠᠭᠤᠴᠢᠨ ᠴᠢᠯᠠᠭᠤᠨ ᠵᠡᠪᠰᠡᠭ ᠤᠨ ᠰᠡᠭᠦᠯᠴᠢ ᠪᠤᠶᠤ ᠲᠡᠷᠢᠶᠠᠯᠠᠩ ᠡᠷᠬᠢᠯᠡᠭᠦ ᠪᠤᠯᠤᠭᠰᠠᠨ ᠲᠠᠢ ᠤᠶᠠᠯᠳᠣᠨ ᠴᠢᠯᠠᠭᠤᠨ ᠵᠠᠳᠠᠭᠦᠦ ᠶᠢ ᠬᠡᠷᠡᠭᠯᠡᠬᠦ ᠪᠤᠯᠵᠠᠢ᠃ ᠬᠠᠭᠤᠴᠢᠨ ᠴᠢᠯᠠᠭᠤᠨ ᠵᠡᠪᠰᠡᠭ ᠤᠨ ᠰᠡᠭᠦᠯᠴᠢ ᠦᠶ᠎ᠡ ᠳᠤ ᠴᠢᠯᠠᠭᠤᠨ ᠪᠠᠭᠠᠵᠢ ᠵᠡᠪᠰᠡᠭ ᠲᠤ ᠲᠤᠳᠤᠷᠬᠠᠢ ᠲᠦᠷᠦᠯ ᠢᠯᠭᠠᠵᠤ ᠡᠬᠢᠯᠡᠨ ᠭᠠᠷᠴᠤ ᠴᠣᠬᠢᠵᠣ ᠪᠠᠯᠪᠠᠭ᠋ᠤ᠂ ᠤᠬᠠᠬᠤ ᠮᠠᠯᠳᠠᠬᠤ᠂ ᠨᠦᠳᠦᠭᠦ ᠲᠡᠯᠬᠠᠳᠠᠬᠤ ᠤᠯᠠᠨ ᠡᠭᠦᠷᠭᠡ ᠲᠠᠢ ᠪᠠᠶᠢᠭᠰᠠᠨ ᠴᠢᠯᠠᠭᠤᠨ ᠰᠦᠭᠡ ᠠᠴᠠ ᠴᠢᠯᠠᠭᠤᠨ ᠵᠠᠳᠠᠭᠦᠦ ᠡᠭᠦᠳᠦᠭᠳᠦᠨ ᠡᠭᠦᠰᠴᠦ ᠪᠤᠢ ᠪᠤᠯᠤᠭᠰᠠᠨ ᠬᠡᠮᠡᠨ ᠰᠣᠳᠣᠯᠠᠭᠠᠴᠢᠳ ᠦᠵᠡᠳᠡᠭ᠃ ᠠᠩᠬ᠎ᠠ ᠴᠢᠯᠠᠭᠤᠨ ᠵᠠᠳᠡᠭᠦᠨ ᠳᠤ ᠤᠡᠭᠬᠢ᠂ ᠡᠰᠢ ᠬᠡᠵᠦ ᠪᠠᠶᠢᠭᠰᠠᠨ ᠦᠭᠡᠢ᠃      ᠲᠤᠷᠤᠨᠠᠳᠣ ᠮᠤᠩᠭᠤᠯ᠂ ᠲᠤᠬᠠᠶᠢᠯᠠᠪᠠᠯ ᠲᠤᠷᠤᠨᠠᠳᠣ ᠰᠦᠬᠡᠪᠠᠭᠠᠳᠣᠷ ᠵᠡᠷᠭᠡ ᠠᠶᠢᠮᠠᠭ ᠤᠨ ᠨᠤᠳᠤᠭ ᠠᠴᠠ ᠡᠷᠳᠡᠨ ᠤ ᠴᠢᠯᠠᠭᠤᠨ ᠵᠠᠳᠠᠭᠦᠦ ᠴᠦᠭᠡᠨ ᠪᠤᠰᠣ ᠣᠯᠳᠠᠭᠰᠠᠨ᠂ ᠲᠤᠬᠠᠶᠢᠯᠠᠪᠠᠯ ᠴᠤᠶᠢᠪᠠᠯᠰᠠᠩ ᠬᠤᠳᠠ ᠶᠢᠨ ᠤᠶᠢᠷᠡᠯᠴᠠᠭ᠎ᠠ ᠠᠴᠠ ︵ᠮᠡᠳᠡᠳᠦ ᠵᠠᠮ ᠤᠷᠤᠬᠤ ᠵᠠᠮ ᠤᠨ 9 ᠺᠢᠯᠤᠮᠧᠲᠷ ᠲᠤ︶ ᠭᠦᠨᠳᠡᠯᠡᠨ ᠤᠭᠳᠣᠯᠤᠯ ᠢᠶᠠᠷ ᠲᠡᠭᠰᠢ ᠦᠨᠴᠦᠭᠳᠦ ᠬᠡᠯᠪᠡᠷᠢ ᠲᠠᠢ ᠬᠤᠶᠡᠷ ᠲᠡᠭᠦᠰᠬᠡᠯ ᠢᠶᠠᠷ ᠢᠶᠠᠨ ᠵᠤᠤᠪᠠᠨᠭ᠌᠂ ᠤᠷᠳᠣ ᠨᠢ 24 ᠰᠡᠨᠲ᠋ᠢᠮᠧᠲᠷ᠂ ᠦᠷᠭᠡᠨ ᠨᠢ 8 ᠰᠡᠨᠲ᠋ᠢᠮᠧᠲᠷ ᠬᠡᠮᠡᠵᠦ ᠪᠦᠭᠦᠢ ᠴᠢᠯᠠᠭᠤᠨ ᠵᠠᠳᠠᠭᠦᠦ᠂ ᠮᠦᠨ ᠡᠶᠢᠮᠦᠷᠭᠦ ᠬᠡᠯᠪᠡᠷᠢ ᠶᠠᠩᠵᠤ ᠶᠢᠨ ᠬᠤᠶᠡᠷ ᠴᠢᠯᠠᠭᠤᠨ ᠵᠠᠳᠠᠭᠦᠦ ᠲᠤᠰ ᠠᠶᠢᠮᠠᠭ ᠤᠨ ᠨᠤᠳᠤᠭ ᠮᠦᠡᠭᠭᠡ ᠬᠠᠭᠠᠨ ᠠᠭᠤᠯᠠᠨ ᠠᠴᠠ ᠤᠯᠳᠠᠵᠠᠢ᠃      ᠦᠪᠦᠷ ᠮᠤᠩᠭᠤᠯ ᠤᠨ ᠰᠦᠨᠢᠳ ᠵᠡᠷᠭᠡ ᠨᠤᠳᠤᠭ ᠠᠴᠠ ᠬᠡᠳᠦ ᠬᠡᠳᠦᠨ ᠶᠠᠩᠵᠤ ᠶᠢᠨ ᠴᠢᠯᠠᠭᠤᠨ ᠵᠠᠳᠠᠭᠦᠦ ᠤᠯᠳᠠᠭᠰᠠᠨ ᠲᠤᠳᠤᠷ᠎ᠠ ᠬᠢᠴᠡ ᠬᠡᠯᠪᠡᠷᠢ ᠪᠠᠷ ᠡᠰᠡ ᠢᠯᠭᠠᠭ᠎ᠠ ᠲᠠᠢ ᠬᠤᠶᠠᠷ ᠤᠯᠳᠠᠪᠤᠷᠢ ᠭᠤᠶᠢᠳᠠ ᠰᠣᠨᠢᠷᠬᠠᠯ ᠲᠠᠳᠠᠳᠠᠭ᠂ ᠡᠯ᠎ᠠ ᠬᠤᠶᠡᠷ ᠴᠢᠯᠠᠭᠤᠨ ᠵᠠᠳᠠᠭᠦᠦ ᠶᠢᠨ ᠨᠢᠭᠡ ᠶᠢ ᠪᠦᠳᠦᠭᠦᠨ ᠪᠠᠷᠤᠭ ᠶᠠᠩᠵᠤ ᠤᠷᠤᠭᠤᠯᠤᠨ ᠬᠤᠯᠳᠠᠯᠠᠵᠤ ᠴᠤᠬᠢᠨ ᠤᠡᠭᠬᠢ ᠦᠭᠡᠢ᠂ ᠨᠦᠭᠦᠭᠡ ᠶᠢ ᠬᠠᠯᠪᠠᠭᠠᠨ ᠵᠠᠳᠠᠭᠦᠦ ᠬᠡᠯᠪᠡᠷᠢᠳᠠᠢ ᠪᠠᠷ ᠦᠷᠦᠵᠦ ᠦᠡᠭᠭᠡᠯᠡᠵᠦ᠂ ᠤᠡᠭᠬᠢ ᠨᠦᠭᠡ ᠪᠦᠭᠦᠢ ︵ᠣᠷᠳᠣ ᠨᠢ 10 ᠰᠡᠨᠲ᠋ᠢᠮᠧᠲᠷ᠂ ᠦᠷᠭᠡᠨ ᠨᠢ 7 ᠰᠡᠨᠲ᠋ᠢᠮᠧᠲᠷ︶ ᠬᠢᠵᠠᠢ᠃ ᠡᠳᠡᠭᠡᠷ ᠤᠯᠳᠠᠪᠤᠷᠢ ᠨᠢ ᠴᠢᠯᠠᠭᠤᠨ ᠵᠠᠳᠠᠭᠦᠦ ᠶᠢᠨ ᠡᠬᠢᠨ ᠤ ᠦᠶ᠎ᠡ ᠳᠤ ᠮᠤᠳᠤᠨ ᠡᠰᠢᠨ ᠳᠤ ᠭᠦᠯᠦᠵᠦ ᠪᠠᠬᠢᠯᠡᠵᠦ ᠬᠡᠷᠡᠭᠯᠡᠳᠡᠭ ᠪᠠᠶᠢᠭᠠᠳ ᠲᠡᠷᠠᠭ᠎ᠠ ᠨᠢ ᠦᠷᠦᠵᠦ ᠦᠷᠦᠮᠳᠡᠭᠦ ᠠᠷᠭ᠎ᠠ ᠪᠠᠷ ᠨᠦᠭᠡᠯᠡᠵᠦ᠂ ᠡᠰᠢᠯᠡᠨ ᠵᠡᠳᠡᠭᠦᠳᠡᠳᠡᠭ ᠪᠤᠯᠤᠭᠰᠠᠨ ᠪᠠᠷᠢᠮᠳᠠ ᠪᠤᠯᠭᠠᠳᠠᠭ ᠢᠶᠠᠷ ᠤᠨᠴᠠᠯᠢᠭ ᠶᠤᠮ᠃ ᠡᠷᠳᠡᠨ ᠤ ᠲᠡᠯ᠎ᠠ ᠨᠤᠳᠤᠭ ᠤᠨ ᠲᠡᠷᠢᠶᠡᠯᠡᠩ ᠳᠤ ᠦᠯᠡᠳᠡᠭᠰᠡᠨ ᠦᠨᠦ ᠬᠢᠷᠢ ᠢᠯᠡᠷᠡᠵᠦ ᠤᠯᠳᠠᠭᠰᠠᠨ ᠴᠢᠯᠠᠭᠤᠨ ᠵᠠᠳᠡᠭᠦᠨ ᠤ ᠲᠤᠷᠠᠰᠬᠠᠯ ᠤᠳ ᠲᠤᠳᠣᠷ᠎ᠠ ᠠᠴᠠ ᠬᠠᠮᠤᠭ ᠤᠨ ᠡᠷᠳᠡᠨ ᠤ ᠪᠦᠭᠡᠳ ᠣᠷᠳᠣᠯᠢᠭ ᠬᠡᠮᠵᠢᠶ᠎ᠡ ᠲᠠᠢ ᠨᠢ ᠲᠡᠭᠡᠷ᠎ᠡ ᠦᠭᠦᠯᠡᠭᠰᠡᠨ ᠴᠤᠶᠢᠪᠠᠯᠰᠠᠩ ᠬᠤᠳᠠ ᠶᠢᠨ ᠤᠶᠢᠷᠡᠯᠴᠠᠭ᠎ᠠ ᠠᠴᠠ ᠤᠯᠳᠠᠭᠰᠠᠨ ᠤᠯᠳᠠᠪᠤᠷᠢ᠂ ᠬᠠᠮᠤᠭ ᠤᠨ ᠦᠷᠭᠡᠨ ᠨᠢ ᠦᠪᠦᠷ ᠮᠤᠩᠭᠤᠯ ᠤᠨ ᠰᠠᠷᠠᠭᠤᠯ ᠭᠠᠴᠠᠭᠠᠨ ᠤ ᠬᠠᠪᠢ ᠠᠴᠠ ᠤᠯᠳᠠᠭᠰᠠᠨ ᠬᠠᠭᠤᠴᠢᠨ ᠪᠤᠯᠤᠨ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ᠬᠤᠤᠰᠯᠠᠮᠠᠯ ᠠᠷᠭ᠎ᠠ ᠪᠠᠷᠢᠯ ᠢᠶᠠᠷ᠂ ᠦᠭᠡᠷ᠎ᠡ ᠪᠠᠷ ᠬᠡᠯᠠᠪᠠᠯ ᠬᠤᠯᠳᠠᠯᠠᠵᠤ ᠴᠤᠬᠢᠬᠤ᠂ ᠦᠷᠦᠵᠦ ᠦᠷᠦᠮᠳᠡᠨ ᠨᠦᠭᠡᠯᠡᠵᠦ ᠬᠢᠭᠰᠡᠨ 16 ᠰᠡᠨᠲ᠋ᠢᠮᠧᠲᠷ ᠦᠷᠭᠡᠨ ᠨᠢ ︵17 ᠰᠡᠨᠲ᠋ᠢᠮᠧᠲᠷ ᠤᠷᠳᠦ︶ ᠬᠡᠮᠵᠢᠶ᠎ᠡ ᠪᠦᠭᠦᠢ ᠴᠢᠯᠠᠭᠤᠨ ᠵᠠᠳᠠᠭᠦᠦ ᠪᠤᠯᠤᠨ᠎ᠠ᠃
 
ᠢᠷᠡᠯᠲᠡ᠄ ᠦᠨᠳᠦᠰᠦᠳᠡᠨ ᠱᠠᠰᠢᠨ ᠰᠣᠷᠳᠠᠬᠤᠨ ᠤ ᠬᠡᠷᠡᠭ ᠡᠷᠬᠢᠯᠡᠬᠦ ᠳᠣᠪᠴᠢᠶ᠎ᠠ ᠠᠴᠠ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号