ᠯᠤᠪᠰᠠᠩᠬᠢᠯᠢᠭ᠌
ᠨᠡᠶᠢᠲᠡᠯᠡᠭᠰᠡᠨ ᠴᠠᠭ᠄
2019/2/20
          ᠯᠤᠪᠰᠠᠩᠬᠢᠯᠢᠭ᠌                ᠯᠤᠪᠰᠠᠩᠬᠢᠯᠢᠭ᠌᠂ ᠡᠷᠡᠭᠳᠠᠢ᠂ ᠮᠤᠩᠭᠤᠯ ᠥᠡᠳᠤᠰᠤᠳᠠᠨ᠂ ᠪᠠᠭ᠎ᠠ ᠶᠢᠨ ᠬᠡᠷᠡᠭᠯᠡᠵᠦ ᠥᠡᠭᠬᠡᠷᠡᠭᠰᠠᠨ ᠨᠠᠷ᠎ᠠ ᠰᠠᠷᠢᠳᠠᠷ᠂ 1921 ᠤᠨ ᠤ 11 ᠳ᠋ᠤᠬᠡᠷ ᠰᠠᠷ᠎ᠠ ᠳᠤ ᠰᠥᠨᠢᠤᠨ ᠵᠡᠭᠦᠨ ᠬᠤᠰᠢᠭᠤᠨ ᠳᠤ ᠲᠥᠷᠤᠪᠡ᠃ 1947 ᠤᠨ ᠳᠤ ᠬᠤᠪᠢᠰᠬᠠᠯ ᠤᠨ ᠠᠵᠢᠯ ᠳᠤ ᠤᠷᠤᠯᠴᠠᠪᠠ᠃      ᠵᠢᠷᠭᠤᠭᠠᠨ ᠨᠠᠰᠤᠨ ᠠᠴᠠ ᠬᠤᠷᠢᠨ ᠵᠢᠷᠭᠤᠭᠠᠨ ᠨᠠᠰᠤ ᠭᠥᠷᠳᠠᠯ᠎ᠠ ᠪᠠᠶᠢᠯᠠ ᠶᠢᠨ ᠰᠥᠮ᠎ᠠ ᠳᠤ ᠯᠠᠮᠠ ᠪᠠᠶᠢᠵᠦ᠂ ᠰᠥᠮ᠎ᠠ ᠳᠤ ᠲᠥᠪᠡᠤᠨ ᠨᠤᠮ ᠤᠡᠭᠰᠢᠬᠤ᠂ ᠬᠤᠨᠢ ᠬᠤᠷᠠᠭ᠎ᠠ ᠬᠠᠷᠢᠭᠤᠯᠬᠤ᠂ ᠭᠥᠷᠢᠶ᠎ᠠ ᠬᠠᠰᠢᠶ᠎ᠠ ᠴᠠᠪᠡᠷᠯᠡᠭᠦ ᠵᠡᠷᠬᠡ ᠠᠵᠢᠯ ᠢ ᠬᠢᠵᠦ ᠪᠠᠶᠢᠵᠠᠢ᠃ 1946 ᠤᠨ ᠤ 8 ᠳ᠋ᠤᠭᠠᠷ ᠰᠠᠷ᠎ᠠ ᠠᠴᠠ 1947 ᠤᠨ ᠭᠥᠷᠳᠠᠯ᠎ᠠ ᠰᠢᠯᠢ ᠶᠢᠨ ᠭᠤᠤᠯ ᠠᠶᠢᠮᠠᠭ ᠤᠨ ᠠᠯᠪᠡᠨ ᠭᠤᠤᠯᠯᠠᠬᠴᠢ ᠶᠢᠨ ᠰᠤᠷᠭᠠᠭᠤᠯᠢ ᠳᠤ ᠬᠤᠶᠠᠷ ᠤᠳᠠᠭ᠎ᠠ ᠣᠴᠢᠵᠦ ᠰᠤᠷᠤᠯᠴᠠᠭᠠᠤᠨ ᠲᠤᠰ ᠵᠢᠯ ᠤᠨ 7 ᠳ᠋ᠤᠭᠠᠷ ᠰᠠᠷ᠎ᠠ ᠳᠤ ᠠᠶᠢᠮᠠᠭ ᠤᠨ ᠰᠠᠬᠢᠨ ᠬᠠᠮᠠᠭᠠᠯᠠᠬᠤ ᠴᠡᠷᠢᠭ ᠲᠤ ᠤᠷᠤᠵᠦ᠂ ᠪᠠᠷᠤᠭ ᠵᠢᠯ ᠰᠢᠬᠠᠮ ᠰᠠᠭᠤᠵᠦ᠂ ᠲᠠᠷᠠᠭ᠎ᠠ ᠨᠢ ᠺᠠᠳ᠋ᠷ ᠤᠨ ᠪᠤᠯᠪᠠᠰᠤᠷᠠᠭᠤᠯᠬᠤ ᠠᠩᠬᠢ ᠳᠤ ᠰᠠᠭᠤᠵᠦ᠂ 1948 ᠤᠨ ᠤ 11 ᠳ᠋ᠤᠬᠡᠷ ᠰᠠᠷ᠎ᠠ ᠳᠤ ᠰᠤᠷᠤᠯᠭ᠎ᠠ ᠲᠠᠭᠦᠰᠴᠤ᠂ ᠲᠠᠬᠢᠨ ᠤᠯᠠᠭᠠᠡᠬᠤᠳᠠ ᠶᠢᠨ ᠮᠡᠯ ᠡᠮᠨᠡᠯᠬᠡ ᠶᠢᠨ ᠪᠤᠯᠪᠠᠰᠤᠷᠠᠯ ᠤᠨ ᠠᠩᠬᠢ  ᠳᠤ ᠰᠤᠷᠤᠯᠴᠠᠵᠦ᠂ 1950 ᠤᠨ ᠳᠤ ᠰᠤᠷᠤᠯᠭ᠎ᠠ ᠪᠠᠨ ᠲᠡᠭᠦᠰᠴᠤ᠂  ᠰᠢᠯᠢ ᠶᠢᠨ ᠭᠤᠤᠯ ᠠᠶᠢᠮᠠᠭ ᠤᠨ ᠮᠡᠯ ᠡᠮᠨᠡᠯᠬᠡ ᠶᠢᠨ ᠥᠷᠳᠠᠬᠡᠨ ᠳᠤ ᠬᠤᠪᠢᠶᠠᠬᠳᠠᠨ ᠠᠵᠢᠯᠯᠠᠪᠠ᠃ 1952 ᠤᠨ ᠳᠤ ᠰᠥᠨᠢᠤᠨ ᠵᠡᠭᠦᠨ ᠬᠤᠰᠢᠭᠤᠨ ‍ᠤ‌ᠮᠡᠯ ᠡᠮᠨᠡᠯᠬᠡ ᠶᠢᠨ ᠥᠷᠳᠠᠬᠡᠨ ᠳᠤ ᠠᠵᠢᠯ ᠰᠢᠯᠵᠢᠨ ᠢᠷᠠᠵᠦ ᠠᠵᠢᠯᠯᠠᠵᠦ ᠪᠠᠶᠢᠭᠠᠤᠨ 1952 ᠤᠨ ᠳᠤ ᠭᠥᠬᠡᠬᠤᠳᠠ  ᠶᠢᠨ ᠮᠡᠯ ᠡᠮᠨᠡᠯᠬᠡ ᠶᠢᠨ ᠪᠤᠯᠪᠠᠰᠤᠷᠠᠯ ᠤᠨ ᠠᠩᠬᠢ ᠳᠤ 4 ᠰᠠᠷ᠎ᠠ ᠢᠯᠡᠭᠦᠥ ᠰᠤᠷᠤᠯᠴᠠᠪᠠ᠃ ᠲᠠᠬᠢᠨ 1956 ᠤᠨ  ᠠᠴᠠ ᠬᠤᠶᠢᠰᠢ ᠤᠤᠯ ᠤᠨ ᠪᠠᠶᠢᠷᠢᠡᠬᠭᠤᠯᠠ ᠰᠤᠮᠤ᠂ ᠴᠠᠭᠠᠡᠨᠠᠭᠤᠷ ᠰᠤᠮᠤ᠂ ᠴᠠᠩᠳᠤᠰᠢᠯᠢ ᠰᠤᠮᠤᠨ ᠤ ᠮᠡᠯ ᠡᠮᠨᠡᠯᠬᠡ  ᠶᠢᠨ ᠥᠷᠳᠠᠬᠡᠨ ᠳᠤ ᠠᠵᠢᠯᠯᠠᠵᠦ ᠪᠠᠶᠢᠭᠠᠤᠨ 1980 ᠤᠨ ᠳᠤ ᠠᠵᠢᠯ ᠤᠨ ᠠᠮᠠᠷᠠᠯᠳᠠ ᠪᠠᠨ ᠠᠪᠤᠬᠰᠠᠨ ᠪᠠᠶᠢᠨ᠎ᠠ᠃       ᠯᠤᠪᠰᠠᠩᠬᠢᠯᠢᠭ᠌ ᠨᠥᠭᠦᠷ 50 ᠭᠠᠷᠤᠢ ᠵᠢᠯ ᠮᠡᠯ ᠡᠮᠨᠡᠯᠬᠡ ᠶᠢᠨ ᠠᠵᠢᠯ ᠹᠷᠤᠡᠲ ᠲᠡᠬᠡᠷ᠎ᠠ ᠠᠮᠵᠢᠯᠳᠠ ᠲᠠᠢ ᠪᠠᠷ ᠠᠵᠢᠯᠯᠠᠵᠦ ᠢᠷᠠᠵᠠᠢ᠃  ᠲᠠᠷᠨ1957 ᠤᠨ ᠤ 4 ᠳ᠋ᠤᠬᠡᠷ ᠰᠠᠷ᠎ᠠ ᠳᠤ ᠤᠤᠯ ᠤᠨ ᠪᠠᠶᠢᠷᠢᠡᠡᠭᠤᠯᠠ ᠰᠤᠮᠤᠨ ᠤ ᠮᠡᠯ ᠡᠮᠨᠡᠯᠬᠡ ᠶᠢᠨ ᠥᠷᠳᠠᠬᠡᠨ ᠳᠤ ᠠᠵᠢᠯᠯᠠᠵᠦ ᠪᠠᠶᠢᠬᠤ ᠳᠠᠭᠠᠨ ᠭᠠᠷᠮᠠᠭᠠᠢ ᠠᠵᠢᠯᠳᠠᠨ ᠢᠶᠠᠷ ᠰᠤᠩᠭᠤᠬᠳᠠᠨ ᠭᠥᠬᠢᠭᠦᠯᠤᠭ᠍ᠳᠠᠵᠠᠢ᠃ ᠲᠡᠬᠡᠷ᠎ᠠ ᠵᠠᠭᠤᠨ ᠤ ᠲᠠᠪᠢᠭᠠᠤᠨ ᠤᠨ ᠤ ᠥᠶ᠎ᠠ ᠳᠤ ᠮᠡᠯ ᠡᠮᠨᠡᠯᠬᠡ ᠶᠢᠨ ᠨᠥᠭᠦᠴᠠᠯ ᠪᠤᠯᠤᠯᠴᠠᠭ᠎ᠠ  ᠪᠠᠷ ᠲᠤᠳᠠᠮᠠᠭ ᠪᠠᠶᠢᠳᠠᠯ ᠲᠤᠤᠷ᠎ᠠ ᠯᠤᠪᠰᠠᠩᠬᠢᠯᠢᠭ᠌ ᠨᠥᠭᠦᠷ ᠥᠪᠡᠷ ᠤᠨ ᠲᠤᠬᠠᠶᠢᠯᠠᠬᠰᠠᠨ ᠠᠵᠢᠯ ᠳᠠᠭᠠᠨ ᠬᠠᠷᠢᠭᠤᠴᠠᠯᠭ᠎ᠠ ᠲᠠᠢ ᠪᠠᠶᠢᠵᠦ᠂ ᠥᠡᠭᠬᠡᠷᠡᠭᠰᠠᠨ ᠤ ᠰᠤᠷᠤᠯᠴᠠᠬᠰᠠᠨ ᠪᠠ ᠠᠵᠢᠯ ᠤᠨ ᠲᠤᠷᠰᠢᠯᠭ᠎ᠠ ᠪᠠᠨ ᠴᠠᠭ ᠢᠮᠠᠬᠳᠠ ᠳ᠋ᠥᠡᠭᠨᠠᠵᠦ᠂ ᠮᠠᠯ ᠤᠨ ᠤᠯᠠᠨ ᠵᠥᠢᠯ ᠤᠨ ᠬᠢᠵᠢᠭ ᠡᠪᠡᠤᠡᠴᠢᠨ ᠢ ᠤᠷᠢᠤᠡᠴᠢᠯᠠᠨ ᠰᠠᠷᠬᠡᠶᠢᠯᠡᠭᠦ᠂ ᠲᠥᠯ ᠮᠡᠯ ᠤᠨ ᠡᠪᠡᠤᠡᠴᠢᠨ ᠢ ᠵᠠᠰᠠᠬᠤ᠂ ᠵᠤᠤᠨ ᠭᠠᠮᠰᠢᠭ ᠠᠴᠠ ᠠᠪᠤᠷᠠᠬᠤ ᠵᠡᠷᠬᠡ ᠲᠠᠯ᠎ᠠ ᠪᠠᠷ ᠭᠠᠷᠮᠠᠭᠠᠢ ᠤᠶᠢᠯᠡᠳᠤᠯ ᠢᠶᠠᠨ ᠥᠵᠡᠭᠦᠯᠵᠦ ᠢᠷᠠᠵᠠᠢ᠃       ᠭᠠᠢ ᠭᠠᠵᠠᠷ ᠲᠤᠤᠷ᠎ᠠ ᠠᠴᠠ ᠬᠡᠳᠡᠭᠴᠢᠯᠠᠨ ︽ᠰᠤᠶᠤᠯ   ᠤᠨ ᠶᠡᠭᠡ ᠬᠤᠪᠢᠰᠬᠠᠯ︾ ᠳᠤ ᠯᠤᠪᠰᠠᠩᠬᠢᠯᠢᠭ᠌ ᠨᠥᠭᠦᠷ ᠲᠤ ︽ᠠᠵᠦ ᠠᠬᠤᠢ ᠶᠢᠨ ᠠᠰᠠᠭᠤᠳᠠᠯ ᠲᠠᠢ︾᠂ ︽ᠬᠤᠪᠢᠰᠬᠠᠯ ᠤᠨ ᠡᠰᠠᠷᠭᠦᠥ ᠪᠥᠯᠤᠭ᠍ᠳᠠᠨ︾ ᠬᠡᠭᠦ ᠵᠡᠷᠬᠡ  ᠶᠢᠨ ᠬᠢᠯᠢᠰ ᠮᠠᠯᠠᠭᠠᠢ ᠵᠡᠭᠦᠯᠬᠡᠵᠦ᠂ ᠲᠠᠮᠠᠴᠠᠭᠦ᠂ ᠴᠤᠬᠢᠬᠤ᠂ ᠪᠠᠯᠪᠠᠴᠢᠬᠤ ᠠᠯᠢ ᠪᠤᠯᠬᠤ ᠥᠬᠡᠢ ᠲᠠᠮᠤ ᠶᠢ ᠠᠮᠰᠠᠭᠤᠯᠤᠬᠰᠠᠨ ᠪᠠᠶᠢᠨ᠎ᠠ᠃ ᠰᠠᠭᠦᠯᠠᠷ ᠥᠨᠡᠨ ᠵᠥᠪ ᠢᠶᠠᠨ ᠤᠯᠵᠦ᠂ ᠲᠠᠬᠢᠨ ᠠᠵᠢᠯ ᠤᠨ ᠪᠠᠶᠢᠷᠢᠨ ᠳᠠᠭᠠᠨ ᠭᠠᠷᠤᠬᠰᠠᠨ ᠠᠴᠠ ᠠᠵᠢᠯ ᠠᠴᠠ ᠪᠠᠨ ᠪᠠᠭᠤᠳᠠᠯ᠎ᠠ ᠶᠠᠮᠠᠷᠴᠤ ᠥᠵᠡᠯ ᠰᠠᠨᠠᠭᠠᠨ ᠤ ᠲᠡᠬᠡᠬᠡᠷ᠎ᠠ ᠲᠠᠷᠤᠭᠠᠰᠤ ᠥᠬᠡᠢ ᠪᠠᠷ ᠤᠤᠯ ᠤᠨ ᠠᠳᠠᠯᠢ ᠠᠵᠢᠯ ᠤᠨ ᠡᠷᠴᠢ ᠵᠤᠷᠢᠭ ᠲᠠᠢ ᠪᠠᠶᠢᠵᠦ᠂ ᠨᠠᠮ ᠤᠨ ᠱᠤᠭᠤᠮ᠂ ᠲᠥᠷᠤ ᠶᠢᠨ ᠪᠤᠳᠤᠯᠭ᠎ᠠ ᠶᠢ ᠲᠠᠭᠠᠵᠦ᠂ ᠰᠥᠨᠢᠤᠨ ᠵᠡᠭᠦᠨ ᠬᠤᠰᠢᠭᠤᠨ ᠤ ᠪᠠᠨ ᠮᠡᠯ ᠡᠮᠨᠡᠯᠬᠡ ᠶᠢᠨ ᠤᠶᠢᠯᠠᠰ ᠲᠤ ᠵᠢᠤᠡᠭᠦᠵᠦ᠂ ᠥᠪᠡᠷ ᠤᠨ ᠬᠤᠪᠢ ᠨᠠᠮᠠᠷᠢ ᠪᠠᠨ ᠡᠷᠭᠦᠵᠦ ᠢᠷᠡᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号