ᠲᠠᠩᠽᠠᠨ | ᠲᠠᠩᠽᠠᠨ᠂ ᠡᠷᠡᠭᠳᠠᠢ᠂ ᠮᠤᠩᠭᠤᠯ ᠥᠡᠳᠤᠰᠤᠳᠠᠨ᠂ 1924 ᠤᠨ ᠳᠤ ᠰᠥᠨᠢᠤᠨ ᠵᠡᠭᠦᠨ ᠬᠤᠰᠢᠭᠤᠨ ᠤ | ᠤᠤᠯ ᠤᠨ ᠲᠠᠷᠬᠠᠬᠭᠤᠯᠠ ᠰᠤᠮᠤᠨ ᠤ ᠡᠩᠬᠡᠷ ᠤᠨ ᠭᠤᠷᠪᠡᠨ ᠬᠠᠰᠢᠶᠠᠳᠤ ᠬᠡᠮᠡᠭᠦ ᠭᠠᠵᠠᠷ ᠲᠥᠷᠤᠪᠡ᠃ | ᠲᠠᠩᠽᠠᠨ ᠨᠥᠭᠦᠷ 1948 ᠤᠨ ᠤ 1 ᠳ᠋ᠤᠬᠡᠷ ᠰᠠᠷ᠎ᠠ ᠳᠤ ᠴᠡᠷᠢᠭ ᠤᠨ ᠠᠯᠪᠡᠨ ᠳᠤ ᠮᠤᠷᠳᠠᠵᠦ᠂ ᠥᠪᠤᠷ | ᠮᠤᠩᠭᠤᠯ ᠤᠨ ᠮᠤᠷᠢᠳᠤ ᠴᠡᠷᠢᠭ ᠤᠨ ᠲᠥᠷᠪᠡᠳᠤᠬᠡᠷ ᠳ᠋ᠢᠸᠢᠽᠢ ᠶᠢᠨ ᠠᠷᠪᠡᠨ ᠨᠢᠬᠡᠳᠤᠬᠡᠷ ᠬᠤᠷᠢᠶᠠᠨ ᠤ ᠪᠠᠶᠢᠯᠳᠤᠬᠴᠢ | ᠪᠤᠯᠵᠠᠢ᠃ ᠲᠠᠷᠨ ᠴᠡᠷᠢᠭ ᠲᠤ ᠪᠠᠶᠢᠬᠤ ᠬᠤᠭᠤᠴᠠᠭᠠᠨ ᠳᠠᠭᠠᠨ ᠲᠠᠷᠤᠭ᠎ᠠ ᠪᠠᠶᠢᠯᠳᠤᠬᠴᠢ ᠲᠠᠢ ᠪᠠᠨ ᠪᠥᠯᠭᠦᠮᠳᠠᠵᠦ᠂ | ᠴᠡᠷᠢᠭ ᠤᠨ ᠪᠤᠯᠪᠠᠰᠤᠷᠠᠯ ᠢ ᠬᠠᠳᠠᠭᠤᠵᠢᠯᠳᠠᠢ ᠪᠠᠷ ᠭᠥᠢᠴᠠᠤᠡᠬᠡᠵᠦ ᠪᠠᠶᠢᠬᠰᠠᠨ ᠶᠤᠮ᠃ ᠲᠠᠩᠽᠠᠨ ᠨᠥᠭᠦᠷ ᠨᠢᠬᠡ | ᠤᠳᠠᠭ᠎ᠠ ᠪᠤᠯᠪᠠᠰᠤᠷᠠᠵᠦ ᠪᠠᠶᠢᠬᠤ ᠲᠤᠮᠳᠠ ᠪᠠᠨ ᠰᠠᠨᠠᠮᠰᠠᠷ ᠥᠬᠡᠢ ᠮᠤᠷᠢ ᠲᠠᠢ ᠪᠠᠨ ᠤᠶᠢᠴᠢᠬᠰᠠᠨ ᠠᠴᠠ ᠰᠠᠯᠠᠮ᠎ᠠ ᠨᠢ | ᠵᠡᠭᠦᠨ ᠭᠥᠯ ᠢ ᠨᠢ ᠴᠠᠪᠴᠢᠵᠦ ᠵᠠᠮᠳᠡᠭ ᠪᠤᠯᠭᠠᠵᠠᠢ᠃ | ᠴᠡᠷᠢᠭ ᠤᠨ ᠤᠳᠤᠷᠢᠳᠤᠯᠭ᠎ᠠ ᠠᠴᠠ ᠲᠡᠭᠦᠨ ᠤ ᠰᠢᠷᠬ᠎ᠠ ᠶᠢ ᠡᠮᠴᠢᠯᠠᠨ ᠰᠤᠪᠢᠯᠠᠵᠦ᠂ ᠬᠢᠮᠠᠯ ᠭᠥᠯ ᠬᠢᠵᠦ | ᠥᠭᠭᠦᠭᠰᠠᠨ ᠪᠠᠶᠢᠨ᠎ᠠ᠃ ᠲᠠᠷᠠᠴᠢᠯᠠᠨ ᠲᠤᠬᠠᠢ ᠶᠢᠨ ᠥᠶ᠎ᠠ ᠳᠤ ᠲᠥᠪ ᠤᠨ ᠵᠠᠰᠠᠭ ᠤᠨ ᠤᠷᠳᠤᠨ ᠠᠴᠠ ᠬᠤᠶᠠᠳᠤᠭᠠᠷ | ᠲᠠᠰ ᠤᠨ ᠵᠠᠮᠳᠡᠭ ᠤᠨ ᠬᠡᠷᠠᠴᠢ ᠤᠯᠭᠤᠵᠠᠢ᠃ | ᠲᠠᠩᠽᠠᠨ ᠨᠥᠭᠦᠷ ᠲᠤ ᠥᠪᠤᠷ ᠮᠤᠩᠭᠤᠯ ᠤᠨ ᠵᠡᠭᠦᠨ ᠤᠷᠤᠨ ᠤᠨ ᠵᠠᠰᠠᠭ ᠵᠡᠬᠢᠷᠭᠠᠨ ᠤ ᠠᠷᠠᠤᠨ ᠤᠨ | ᠶᠠᠪᠤᠳᠠᠯ ᠤᠨ ᠲᠢᠩᠬᠢᠮ ᠠᠴᠠ ᠬᠠᠷᠠᠭᠠᠯᠵᠠᠯ ᠤᠨ ᠬᠡᠷᠠᠴᠢ ᠤᠯᠭᠤᠵᠦ᠂ ᠲᠠᠤᠡᠭᠦᠮᠵᠢ ᠶᠢᠨ ᠮᠥᠡᠭᠭᠦ ᠥᠭᠴᠤ ᠪᠠᠶᠢᠬᠰᠠᠨ | ᠪᠥᠬᠡᠤᠨ ᠴᠡᠷᠢᠭ ᠠᠴᠠ ᠬᠠᠯᠠᠬᠳᠠᠬᠤ ᠳᠤ ᠠᠵᠢᠯ ᠬᠤᠪᠢᠶᠠᠷᠢᠯᠠᠵᠦ ᠥᠭᠭᠦᠭᠰᠠᠨ ᠪᠠᠶᠢᠨ᠎ᠠ᠃ | 1953 ᠤᠨ ᠠᠴᠠ 1957 ᠤᠨ ᠭᠥᠷᠳᠠᠯ᠎ᠠ ᠰᠢᠯᠢ ᠶᠢᠨ ᠭᠤᠤᠯ ᠠᠶᠢᠮᠠᠭ ᠤᠨ ᠨᠤᠮ ᠤᠨ ᠰᠠᠩ ᠳᠤ | ᠠᠵᠢᠯᠯᠠᠵᠦ ᠪᠠᠶᠢᠭᠠᠤᠨ 1957 ᠤᠨ ᠤ 9 ᠰᠠᠷ᠎ᠠ ᠳᠤ ᠰᠢᠯᠢᠩᠬᠤᠳᠠ ᠳᠤ ᠡᠪᠡᠤᠡᠴᠢᠨ ᠢᠶᠠᠷ ᠨᠠᠰᠤ ᠪᠠᠷᠠᠪᠠ᠃ | |