ᠮᠤᠩᠭᠤᠯ ᠤᠨ ᠶᠠᠰᠤᠲᠠᠨ ᠶᠡᠷᠤᠩᠭᠡᠢ ᠳᠡᠭᠡᠨ ᠡᠴᠢᠬᠡ ᠶᠢᠨ ᠤᠳᠤᠮ ᠢᠶᠠᠷ ᠭᠤᠤᠯᠯᠠᠨ᠂ ᠬᠠᠷᠢᠶᠠᠲᠤ ᠢᠷᠭᠡᠳ | ᠢᠶᠠᠷ ᠪᠦᠷᠢᠯᠳᠦᠭᠰᠡᠨ ᠪᠠᠶᠢᠳᠠᠭ᠃ ᠰᠦᠨᠢᠳ ᠶᠠᠰᠤᠲᠠᠨ ᠪᠤᠯ ᠴᠤᠵᠢᠨ ᠦᠷᠲᠡᠭᠡᠢ ᠶᠢᠨ ᠳᠦᠷᠪᠡᠳᠤᠭᠡᠷ ᠬᠦᠪᠡᠭᠦᠨ | ᠰᠤᠨᠤ ᠵᠢᠴᠢ ᠲᠡᠭᠦᠨ ᠤ ᠤᠳᠤᠮ᠂ ᠬᠤᠪᠢ ᠢᠷᠭᠡᠳ ᠢᠶᠠᠷ ᠪᠦᠷᠢᠯᠳᠦᠭᠰᠡᠨ ᠶᠤᠮ᠃ ᠬᠡᠭᠦ ᠳᠤ ᠰᠦᠨᠢᠳ ᠶᠠᠰᠤᠲᠠᠨ | ᠳᠤ ᠴᠤᠵᠢᠨ ᠦᠷᠲᠡᠬᠡᠢ ᠶᠢᠨ ᠲᠠᠪᠤᠳᠤᠭᠠᠷ ᠬᠦᠪᠡᠬᠦᠨ ᠵᠢᠴᠢ ᠲᠡᠬᠦᠨ ᠤ ᠬᠤᠪᠢ ᠢᠷᠬᠡᠳ ᠴᠦ ᠪᠠᠭᠲᠠᠨ ᠶᠠᠪᠤᠵᠤ | ᠪᠠᠶᠢᠭᠰᠠᠨ ᠨᠢ ᠲᠡᠤᠬᠡ ᠰᠤᠳᠤᠷ ᠲᠤ ᠬᠠᠷᠠᠭᠳᠠᠨ᠎ᠠ᠃ ᠬᠤᠵᠢᠮ ᠨᠢ ᠲᠡᠳᠡ ᠰᠦᠨᠢᠳ ᠶᠠᠰᠤᠲᠠᠨ ᠠᠴᠠ ᠰᠠᠯᠵᠤ᠂ | ᠲᠤᠰᠠᠭᠠᠷ ᠬᠦᠴᠦᠷᠬᠡᠭᠵᠢᠭᠡᠳ ᠬᠠᠪᠲᠤᠷᠬᠠᠰ ᠶᠠᠰᠤᠲᠠᠨ ᠪᠤᠯᠵᠤ ᠬᠦᠭᠵᠢᠪᠡ᠃ ᠡᠨᠡ ᠲᠤᠬᠠᠢ ᠷᠠᠰᠢᠳ᠋ — ᠠᠳ᠋ — | ᠳ᠋ᠢᠨ ᠤ ︽ᠰᠤᠳᠤᠷ ᠤᠨ ᠴᠢᠭᠤᠯᠭᠠᠨ︾ ᠬᠡᠭᠦ ᠨᠤᠮ ᠳᠤ ︽ᠬᠠᠪᠲᠤᠷᠬᠠᠰ ᠨᠢ ᠰᠦᠨᠢᠳ ᠠᠴᠠ ᠰᠠᠯᠪᠤᠷᠢᠯᠠᠵᠤ | ᠤᠳᠤᠮᠯᠠᠭᠰᠠᠨ ᠶᠤᠮ︾ ᠬᠡᠵᠤ ᠲᠤᠳᠤᠷᠬᠠᠶᠢᠯᠠᠪᠠ᠃ ︽ᠮᠤᠩᠭᠤᠯ ᠤᠨ ᠨᠢᠭᠤᠴᠠ ᠲᠤᠪᠴᠢᠶᠠᠨ︾ ᠤ ᠲᠡᠮᠳᠡᠭᠯᠡᠯ ᠢ | ᠦᠨᠳᠦᠰᠦᠯᠡᠪᠡᠯ᠂ ᠬᠠᠪᠲᠤᠷᠬᠠᠰ ᠪᠤᠯ ᠴᠤᠵᠢᠨ ᠦᠷᠲᠡᠬᠡᠢ ᠶᠢᠨ ᠲᠠᠪᠤᠳᠤᠭᠠᠷ ᠬᠦᠪᠡᠬᠦᠨ ᠤ ᠬᠤᠪᠢ ᠢᠷᠭᠡᠳ ᠮᠦᠨ᠃ | ᠡᠬᠦᠨ ᠠᠴᠠ ᠦᠵᠡᠬᠦ ᠳᠤ ᠴᠤᠵᠢᠨ ᠦᠷᠲᠡᠭᠡᠢ ᠶᠢᠨ ᠳᠦᠷᠪᠡᠳᠦᠬᠡᠷ ᠬᠦᠪᠡᠬᠦᠨ ᠪᠤᠯᠤᠨ ᠲᠠᠪᠤᠳᠣᠭᠠᠷ ᠬᠦᠪᠡᠭᠦᠨ | ᠬᠠᠮᠲᠤᠷᠠᠨ ᠬᠤᠯᠪᠤᠭᠠᠯᠠᠵᠤ᠂ ᠬᠠᠮᠲᠤ ᠨᠤᠲᠤᠭᠯᠠᠵᠤ᠂ ᠬᠠᠮᠲᠤ ᠪᠠᠷ ᠬᠤᠪᠢ ᠢᠷᠭᠡᠳ ᠢᠶᠠᠨ ᠡᠵᠡᠨ ᠮᠡᠳᠡᠵᠤ | ᠪᠠᠶᠢᠭᠰᠠᠨ ᠪᠠᠶᠢᠨ᠎ᠠ᠃ ᠭᠡᠬᠦ ᠳᠡᠭᠡᠨ ᠡᠨᠡ ᠬᠦ ᠬᠠᠮᠲᠤ ᠶᠢᠨ ᠬᠤᠯᠪᠤᠭᠠᠯᠠᠯ ᠤᠨ ᠠᠬᠠᠮᠠᠳ ᠨᠢ ᠴᠤᠵᠢᠨ ᠦᠷᠲᠡᠬᠡᠢ ᠶᠢᠨ | ᠳᠦᠷᠪᠡᠳᠦᠬᠡᠷ ᠬᠦᠪᠡᠬᠦᠨ ᠰᠤᠨᠤ ᠪᠠᠶᠢᠭᠰᠠᠨ ᠢ ᠷᠠᠰᠢᠳ᠋ — ᠠᠳ᠋ — ᠳ᠋ᠢᠨ ᠤ ᠲᠡᠮᠳᠡᠭᠯᠡᠯ ᠠᠴᠠ ᠮᠡᠳᠡᠪᠡ᠃ ᠬᠤᠵᠢᠮ | ᠨᠢ ᠴᠤᠵᠢᠨ ᠦᠷᠲᠡᠬᠡᠢ ᠶᠢᠨ ᠲᠠᠪᠤᠳᠤᠭᠠᠷ ᠬᠦᠪᠡᠬᠦᠨ ᠬᠤᠪᠢ ᠢᠷᠭᠡᠳ ᠢᠶᠠᠨ ᠠᠪᠴᠤ᠂ ᠲᠤᠰᠠᠭᠠᠷ ᠢᠶᠠᠨ | ᠬᠦᠴᠦᠷᠬᠡᠭᠵᠢᠨ ᠰᠠᠯᠪᠤᠷᠢᠯᠠᠭᠠᠳ ᠬᠠᠪᠲᠤᠷᠬᠠᠰ ᠶᠠᠰᠤᠲᠠᠨ ᠪᠤᠯᠤᠨ ᠪᠦᠷᠢᠯᠳᠦᠭᠰᠡᠨ ᠶᠤᠮ᠃ ᠡᠬᠦᠨ ᠠᠴᠠ ᠦᠵᠡᠬᠦ | ᠳᠤ ᠲᠤᠬᠠᠢ ᠶᠢᠨ ᠦᠶ᠎ᠡ ᠳᠤ ᠰᠦᠨᠢᠳ ᠶᠠᠰᠤᠲᠠᠨ ᠨᠡᠯᠢᠶᠡᠳ ᠲᠤᠮᠤᠬᠠᠨ ᠶᠠᠰᠤᠲᠠᠨ ᠪᠠᠶᠢᠭᠰᠠᠨ ᠪᠠᠶᠢᠨ᠎ᠠ᠃ | ︽ᠳ᠋ᠤᠰᠰᠤᠨ ᠤ ᠮᠤᠩᠭᠤᠯ ᠤᠨ ᠲᠡᠤᠬᠡ︾ ᠳᠤ ︽ᠰᠦᠨᠢᠳ ᠠᠶᠢᠮᠠᠭ᠂ ᠲᠡᠬᠦᠨ ᠤ ᠨᠢᠬᠡᠨ ᠰᠠᠯᠪᠤᠷᠢ ᠶᠢ | ᠬᠠᠶᠢᠷᠤᠨ ᠠᠶᠢᠮᠠᠭ ᠭᠡᠳᠡᠭ︾ ᠬᠡᠪᠡ᠃ ᠡᠬᠦᠨ ᠠᠴᠠ ᠦᠵᠡᠬᠦ ᠳᠤ ᠰᠦᠨᠢᠳ ᠶᠠᠰᠤᠲᠠᠨ ᠤ ᠳᠤᠲᠤᠷ᠎ᠠ ᠪᠠᠰᠠ ︽ | ᠬᠠᠶᠢᠷᠤᠨ︾ ᠭᠡᠭᠴᠢ ᠤᠪᠤᠭ ᠪᠠᠶᠢᠭᠰᠠᠨ ᠪᠠᠶᠢᠨ᠎ᠠ᠃ ᠡᠨᠡ ︽ᠬᠠᠶᠢᠷᠤᠨ︾ ᠬᠡᠳᠡᠭ ᠨᠢ ᠷᠠᠰᠢᠳ᠋ — ᠠᠳ᠋ — ᠳ᠋ᠢᠨ | ᠤ ᠨᠤᠮ ᠳᠠᠬᠢ ︽ᠬᠠᠪᠲᠤᠷᠬᠠᠰ︾ ᠪᠢᠰᠢ ᠪᠢᠯᠡ ᠤᠤ︖ ᠡᠨᠡ ᠪᠤᠯ ᠰᠤᠳᠤᠯᠤᠭᠤᠰᠢᠲᠠᠢ ᠠᠰᠠᠭᠤᠳᠠᠯ ᠪᠤᠯᠤᠨ᠎ᠠ᠃ | ᠰᠦᠨᠢᠳ ᠶᠠᠰᠤᠲᠠᠨ ᠤ ᠳᠤᠲᠤᠷ᠎ᠠ ᠶᠠᠰᠤᠨ ᠲᠦᠷᠦᠯ ᠤᠨ ᠤᠳᠤᠮ ᠢᠶᠠᠷ ᠦᠶ᠎ᠡ ᠤᠯᠠᠮᠵᠢᠯᠠᠭᠰᠠᠨ᠂ ᠭᠠᠭᠴᠠ ᠡᠪᠦᠭᠡ | ᠶᠢᠨ ᠬᠤᠶᠢᠴᠢᠰ ᠪᠤᠯᠬᠤ ᠤᠪᠤᠭ ︵ᠤᠮᠤᠭ︶ ᠤᠯᠠᠨ ᠪᠠᠶᠢᠭᠰᠠᠨ ᠢ ᠰᠡᠬᠦᠯᠴᠢ ᠶᠢᠨ ᠦᠶ᠎ᠡ ᠶᠢᠨ ᠰᠦᠨᠢᠳ ᠤᠨ | ᠤᠪᠤᠭ ︵ᠤᠮᠤᠭ︶ ᠠᠴᠠ ᠮᠡᠳᠡᠵᠤ ᠪᠤᠯᠤᠨ᠎ᠠ᠃ | ᠷᠠᠰᠢᠫᠤᠩᠰᠤᠭ ᠤᠨ ᠵᠤᠬᠢᠶᠠᠭᠰᠠᠨ ︽ᠲᠠᠶᠢᠶᠤᠸᠠᠨ ᠤᠯᠤᠰ ᠤᠨ ᠪᠤᠯᠤᠷ ᠡᠷᠢᠬᠡ︾ ᠬᠡᠮᠡᠬᠦ ᠪᠢᠴᠢᠭ ᠲᠤ ︽ | ᠪᠤᠳᠢ ᠠᠯᠠᠭ ᠬᠠᠭᠠᠨ ᠤ ᠬᠤᠶᠠᠳᠤᠭᠠᠷ ᠬᠦᠪᠡᠬᠦᠨ ᠬᠦᠭᠵᠢᠲᠡᠢ ᠮᠡᠷᠬᠡᠨ ᠠᠴᠠ ᠪᠤᠷᠬᠠᠢ ᠴᠦᠬᠦᠷ᠂ ᠪᠤᠶᠢᠯᠠ ᠵᠤᠷᠢᠭᠲᠤ᠂ | ᠪᠤᠶᠠᠨ ᠬᠤᠯᠠᠢ ᠮᠡᠷᠭᠡᠨ ᠳᠠᠶᠢᠴᠢᠩ᠂ ᠪᠤᠶᠠᠨᠳᠠᠷᠢᠶᠠ ᠰᠡᠴᠡᠨ ᠳᠦᠷᠪᠡᠨ ᠬᠦᠪᠡᠬᠦᠨ ᠪᠤᠢ ᠪᠦᠯᠦᠬᠡ᠃ ᠠᠬᠠᠮᠠᠳ | ᠬᠦᠪᠡᠬᠦᠨ ᠪᠤᠷᠬᠠᠢ ᠴᠦᠬᠦᠷ ᠠᠴᠠ ᠳᠠᠪᠠᠭ᠋ᠠᠢ ᠬᠤᠰᠢᠭᠤᠴᠢ᠂ ᠲᠠᠪᠠᠭ᠋ᠠᠢ ᠬᠤᠰᠢᠭᠤᠴᠢ ᠠᠴᠠ ᠵᠡᠬᠦᠨ ᠰᠦᠨᠢᠳ ᠤᠨ | ᠬᠤᠰᠢᠭᠤᠨ ᠤ ᠵᠠᠰᠠᠭ ᠸᠠᠩ ᠲᠠᠩᠭᠢᠰ ᠮᠡᠷᠭᠡᠨ᠂ ᠸᠠᠩ ᠲᠠᠩᠭᠢᠰᠲᠠᠢ ᠤᠶᠢᠵᠢᠩ ᠳᠠᠭᠤᠷᠢᠰᠬᠤ᠂ ᠬᠤᠳᠤᠷ ᠰᠡᠴᠡᠨ | ᠨᠤᠶᠠᠨ᠂ ᠮᠠᠩᠬᠠᠳᠠᠢ ᠬᠠᠷ᠎ᠠ ᠬᠤᠯᠠ᠂ ᠪᠠᠬᠢ ᠪᠠᠭᠠᠲᠤᠷ᠂ ᠪᠠᠮᠪᠠ ᠬᠠᠳᠠᠬᠠᠶᠢᠴᠢ ᠵᠢᠷᠭᠤᠭᠠᠨ ᠬᠦᠪᠡᠬᠦᠨ ᠪᠤᠢ ᠪᠦᠯᠦᠬᠡ᠃ | ᠠᠬᠠᠮᠠᠳ ᠬᠦᠪᠡᠬᠦᠨ ᠲᠠᠩᠭᠢᠰ ᠮᠡᠷᠭᠡᠨ ᠸᠠᠩ ᠠᠴᠠ ᠸᠠᠩ ᠰᠡᠮᠡᠳᠡᠢ᠂ ᠸᠠᠩ ᠰᠡᠮᠡᠳᠡᠢ ᠠᠴᠠ ᠸᠠᠩ ᠺᠤᠸᠠᠺᠠᠰᠷᠤᠩ᠂ | ᠸᠠᠩ ᠺᠤᠸᠠᠺᠠᠰᠷᠤᠩ ᠠᠴᠠ ᠸᠠᠩ ᠸᠠᠩᠴᠢᠨ᠂ ᠡᠳᠡ ᠯᠤᠩᠬᠤᠴᠢᠨ ᠤ ᠨᠤᠶᠠᠨ ᠪᠤᠢ᠃ ᠬᠤᠶᠠᠳᠤᠭᠠᠷ ᠬᠦᠪᠡᠬᠦᠨ | ᠲᠠᠩᠭᠢᠰᠲᠠᠢ ᠤᠶᠢᠵᠢᠩ ᠳᠠᠭᠤᠷᠢᠰᠬᠤ ᠠᠴᠠ ᠪᠡᠶᠢᠯᠡ ᠪᠤᠮᠪᠤ᠂ ᠪᠡᠶᠢᠯᠡ ᠪᠤᠮᠪᠤ ᠠᠴᠠ ᠪᠡᠶᠢᠯᠡ ᠰᠤᠳᠠᠢ᠂ ᠪᠡᠶᠢᠯᠡ | ᠰᠤᠳᠠᠢ ᠠᠴᠠ ᠪᠡᠶᠢᠯᠡ ᠱᠠᠷᠢ᠂ ᠡᠳᠡᠨ ᠰᠢᠷ᠎ᠠ ᠤᠷᠤᠭ ᠤᠨ ᠨᠤᠶᠠᠨ ᠪᠤᠢ᠃ ᠭᠤᠳᠠᠭᠠᠷ ᠬᠦᠪᠡᠬᠦᠨ ᠬᠤᠳᠤᠷ ᠰᠡᠴᠡᠨ | ᠨᠤᠶᠠᠨ ᠤ ᠬᠦᠪᠡᠬᠦᠨ ᠷᠢᠨᠴᠢᠨ ᠲᠠᠶᠢᠵᠢ ᠲᠠᠨ᠂ ᠡᠳᠡᠨ ᠬᠠᠷ᠎ᠠ ᠲᠦᠷᠦᠳᠡᠩ ᠤᠨ ᠨᠤᠶᠠᠨ ᠪᠤᠢ᠃ ᠳᠦᠳᠦᠭᠡᠷ | ᠬᠦᠪᠡᠬᠦᠨ ᠮᠠᠩᠬᠠᠳᠠᠢ ᠬᠠᠷ᠎ᠠ ᠬᠤᠯᠠ ᠶᠢᠨ ᠬᠦᠪᠡᠬᠦᠨ ᠲᠠᠶᠢᠵᠢ ᠪᠦᠬᠡᠳ ᠵᠠᠬᠢᠷᠤᠭᠴᠢ ᠲᠠᠮᠪᠠ ᠲᠠᠨ᠂ ᠡᠳᠡ ᠪᠤᠷᠳᠤᠮᠠᠯ | ᠤᠨ ᠨᠤᠶᠠᠨ ᠪᠤᠢ᠃ ᠲᠠᠪᠤᠳᠤᠭᠠᠷ ᠬᠦᠪᠡᠬᠦᠨ ᠪᠠᠬᠢ ᠪᠠᠭᠠᠲᠤᠷ ᠤᠨ ᠬᠦᠪᠡᠬᠦᠨ ᠪᠤᠮᠪᠠᠰᠢ ᠲᠠᠨ᠂ ᠡᠳᠡ ᠤᠶᠢᠭᠤᠷᠵᠢᠨ | ᠤ ᠨᠤᠶᠠᠳ ᠪᠤᠢ᠃ ᠡᠳᠡᠨ ᠴᠦᠮ ᠵᠡᠬᠦᠨ ᠰᠦᠨᠢᠳ ᠲᠤᠷ ᠪᠠᠭᠲᠤᠯᠤᠭᠠ᠃ ᠵᠢᠷᠭᠤᠳᠤᠭᠠᠷ ᠬᠦᠪᠡᠬᠦᠨ ᠪᠢᠮᠪᠠ | ᠬᠠᠳᠠᠬᠠᠶᠢᠴᠢ ᠦᠷ᠎ᠡ ᠦᠬᠡᠢ᠃ ᠵᠢᠴᠢ ᠬᠦᠬᠡᠵᠡᠲᠡᠢ ᠮᠡᠷᠬᠡᠨ ᠤ ᠬᠤᠶᠠᠳᠤᠭᠠᠷ ᠬᠦᠪᠡᠬᠦᠨ ᠪᠡᠶᠢᠯᠡ ᠵᠤᠷᠢᠭᠲᠤ ᠠᠴᠠ | ᠪᠠᠷᠠᠭᠤ ᠰᠦᠨᠢᠳ ᠤᠨ ᠬᠤᠰᠢᠭᠤᠨ ᠤ ᠵᠠᠰᠠᠭ ᠤᠨ ᠳᠦᠬᠦᠷᠡᠩ ᠵᠢᠶᠦ᠋ᠨ ᠸᠠᠩ ᠰᠤᠤᠰᠠ᠂ ᠲᠡᠭᠦᠨᠴᠡ ᠸᠠᠩ ᠱᠠᠰᠳᠠᠢ᠂ | ᠲᠡᠭᠦᠨᠴᠡ ᠸᠠᠩ ᠦᠬᠡᠳᠡᠢ᠂ ᠲᠡᠭᠦᠨᠴᠡ ᠸᠠᠩ ᠠᠶᠤᠰᠢ ᠪᠦᠯᠦᠬᠡ᠃ ᠭᠤᠳᠠᠭᠠᠷ ᠬᠦᠪᠡᠬᠦᠨ ᠪᠤᠶᠠᠨ ᠬᠤᠯᠢ ᠮᠡᠷᠬᠡᠨ | ᠲᠠᠶᠢᠴᠢᠩ᠂ ᠳᠦᠳᠦᠭᠡᠷ ᠬᠦᠪᠡᠬᠦᠨ ᠪᠤᠶᠠᠨᠳᠠᠷᠠ ᠰᠡᠴᠡᠨ᠂ ᠡᠨᠡ ᠭᠤᠷᠪᠠᠨ ᠨᠤᠶᠠᠨ ᠤ ᠦᠷ᠎ᠡ ᠴᠦᠮ ᠪᠠᠷᠠᠭᠤᠨ | ᠰᠦᠨᠢᠳ ᠤᠨ ᠨᠤᠶᠠᠨ ᠪᠤᠢ︾ ᠭᠡᠪᠡ᠃ | ᠡᠬᠦᠨ ᠠᠴᠠ ᠦᠵᠡᠬᠦ ᠳᠤ ᠪᠤᠳᠢ ᠠᠯᠠᠭ ᠬᠠᠭᠠᠨ ᠤ ᠬᠤᠶᠠᠳᠤᠭᠠᠷ ᠬᠦᠪᠡᠬᠦᠨ ᠬᠦᠬᠡᠵᠡᠲᠡᠢ ᠮᠡᠷᠭᠡᠨ ᠤ | ᠬᠤᠶᠢᠴᠢᠰ ᠨᠢ ᠰᠦᠨᠢᠳ ᠤᠨ ᠨᠤᠶᠠᠨ ᠰᠠᠭᠤᠭᠰᠠᠨ ᠪᠦᠬᠡᠳ ᠰᠦᠨᠢᠳ ᠤᠨ ᠬᠠᠷᠢᠶᠠᠨ ᠳᠤ ︽ᠯᠤᠩᠬᠤᠴᠢᠨ︾᠂ ︽ | ᠰᠢᠷ᠎ᠠ ᠤᠷᠤᠭ︾᠂ ︽ᠬᠠᠷ᠎ᠠ ᠲᠦᠷᠦᠳᠡᠩ︾᠂ ︽ᠪᠤᠷᠳᠤᠮᠠᠯ︾᠂ ︽ᠤᠶᠢᠭᠤᠷᠵᠢᠨ︾ ᠵᠡᠷᠬᠡ ᠤᠪᠤᠭᠲᠠᠨ ︵ | ᠤᠮᠤᠭ︶ ᠪᠠᠶᠢᠵᠠᠢ᠃ | | |