ᠰᠦᠨᠢᠳ ᠲᠡᠷᠯᠢᠭ ᠬᠤᠪᠴᠠᠰᠤ
ᠨᠡᠶᠢᠲᠡᠯᠡᠭᠰᠡᠨ ᠴᠠᠭ᠄
2022/12/5
    ᠮᠠᠨ ᠤ ᠰᠦᠨᠢᠳᠴᠤᠳ ᠪᠤᠯ ᠵᠢᠯ ᠤᠨ ᠳᠦᠷᠪᠡᠨ ᠤᠯᠠᠷᠢᠯ ᠳᠤ ᠤᠷᠲᠤ ᠬᠤᠪᠴᠠᠰᠤ ᠡᠬᠡᠳᠡᠩ ᠭᠤᠲᠤᠯ ᠡᠮᠦᠰᠴᠤ ᠠᠯᠴᠢᠭᠤᠷ ᠪᠤᠭᠤᠵᠤ᠂ ᠡᠪᠤᠯ ᠳᠡᠭᠡᠨ ᠦᠨᠡᠬᠡᠨ ᠶᠦᠳᠡᠩ ᠮᠠᠯᠠᠭᠠᠢ ᠡᠮᠤᠰᠳᠡᠭ ᠪᠠᠶᠢᠵᠠᠢ᠃     ᠰᠦᠨᠢᠳ ᠤᠨ ᠬᠤᠪᠴᠠᠰᠤᠨ ᠳᠤ ᠲᠡᠷᠯᠢᠭ ᠭᠡᠵᠤ ᠪᠤᠢ᠃ ᠲᠡᠷᠯᠢᠭ ᠲᠤ ᠳᠠᠩ ᠲᠡᠷᠯᠢᠭ᠂ ᠳᠠᠪᠬᠤᠷ ᠲᠡᠷᠯᠢᠭ᠂ ᠬᠦᠪᠦᠩᠲᠡᠢ ᠲᠡᠷᠯᠢᠭ ᠭᠡᠵᠤ ᠭᠤᠷᠪᠠᠨ ᠵᠤᠶᠢᠯ ᠪᠠᠶᠢᠵᠤ᠂ ᠡᠩ ᠤᠨ ᠦᠶ᠎ᠡ ᠶᠢᠨ ᠡᠮᠦᠰᠬᠡᠯ ᠳᠤ ᠳᠠᠪᠤᠤ ᠳᠠᠯᠢᠩᠪᠤᠤ ᠪᠠᠷ ᠬᠢᠵᠤ ᠡᠮᠦᠰᠬᠦ ᠪᠦᠬᠡᠳ ᠵᠠᠰᠠᠯ ᠭᠤᠶᠤᠯᠠᠯ ᠤᠨ ᠬᠤᠪᠴᠠᠰᠤ ᠪᠠᠨ ᠲᠤᠷᠭ᠎ᠠ ᠳᠤᠷᠳᠤᠩ ᠪᠠᠷ ᠬᠤᠪᠴᠠᠰᠤ ᠬᠢᠳᠡᠭ᠃ ᠡᠷᠲᠡᠨ ᠳᠡᠭᠡᠨ ᠪᠤᠯ ᠡᠷᠭᠲᠡᠢ ᠡᠮᠡᠭᠲᠡᠢ ᠭᠡᠰᠡᠨ ᠦᠬᠡᠢ ᠪᠦᠷ ᠰᠢᠯᠤᠭᠤᠨ ᠡᠩᠭᠡᠷ ᠲᠠᠢ ᠬᠤᠪᠴᠠᠰᠤ ᠡᠮᠦᠰᠳᠡᠭ ᠪᠠᠶᠢᠵᠤ᠂ ᠠᠷᠪᠠᠨ ᠳᠤᠯᠤᠳᠤᠭᠠᠷ ᠵᠠᠭᠤᠨ ᠠᠴᠠ ᠬᠤᠶᠢᠰᠢ ᠯᠠᠮᠠ ᠬᠦᠮᠦᠨ ᠯᠡ ᠰᠢᠯᠤᠭᠤᠨ ᠡᠩᠭᠡᠷ ᠲᠠᠢ ᠬᠤᠪᠴᠠᠰᠤ ᠡᠮᠦᠰᠬᠦ ᠪᠤᠯᠤᠨ ᠬᠤᠪᠢᠷᠠᠵᠤ᠂ ᠬᠠᠷ᠎ᠠ ᠬᠦᠮᠦᠨ᠂ ᠵᠢᠷ ᠤᠨ ᠠᠷᠠᠳ ᠪᠦᠷ ᠳᠤᠭᠤᠯᠠᠩ ᠡᠩᠭᠡᠷ ᠲᠠᠢ ᠲᠡᠷᠯᠢᠭ ᠳᠡᠪᠡᠯ ᠡᠮᠦᠰᠬᠦ ᠪᠤᠯᠵᠤ ᠬᠤᠪᠢᠷᠠᠭᠰᠠᠨ ᠪᠢᠯᠡ᠃     ᠰᠦᠨᠢᠳ ᠳᠡᠪᠡᠯ ᠳᠤ ᠨᠡᠬᠡᠢ ᠳᠡᠪᠡᠯ᠂ ᠦᠵᠦᠭᠦᠷᠰᠦᠨ ᠳᠡᠪᠡᠯ᠂ ᠢᠯᠬᠢᠨ ᠳᠡᠪᠡᠯ᠂ ᠬᠤᠷᠠᠭᠠᠨ ᠳᠡᠪᠡᠯ᠂ ᠳᠠᠬᠤ ᠭᠡᠵᠤ ᠬᠡᠳᠤᠨ ᠵᠤᠶᠢᠯ ᠪᠠᠶᠢᠵᠤ ᠠᠳᠠᠯᠢ ᠪᠤᠰᠤ ᠤᠯᠠᠷᠢᠯ ᠳᠤ ᠵᠤᠬᠢᠴᠠᠭᠤᠯᠤᠨ ᠠᠳᠠᠯᠢ ᠪᠤᠰᠤ ᠠᠵᠢᠯ ᠲᠦᠷᠦᠯ  ᠳᠤ ᠢᠯᠭᠠᠭ᠎ᠠ ᠲᠠᠢ ᠡᠮᠦᠰᠴᠤ ᠡᠳ᠋ᠯᠡᠳᠡᠭ᠃ ᠳᠡᠪᠡᠯ ᠳᠤ ᠦᠩᠭᠡ ᠴᠠᠭᠠᠨ ᠳᠡᠪᠡᠯ ︵ᠭᠠᠳᠠᠷ ᠦᠬᠡᠢ︶᠂ ᠭᠠᠳᠠᠷ ᠲᠠᠢ ᠳᠡᠪᠡᠯ ᠭᠡᠵᠤ ᠬᠤᠶᠠᠷ ᠶᠠᠩᠵᠤ ᠪᠠᠶᠢᠵᠤ᠂ ᠡᠩ ᠤᠨ ᠴᠠᠭ ᠤᠨ ᠡᠮᠦᠰᠬᠡᠯ ᠪᠠ ᠭᠤᠶᠤᠯᠠᠯ ᠵᠠᠰᠠᠯ ᠳᠤ ᠵᠤᠷᠢᠭᠤᠯᠤᠭᠰᠠᠨ ᠲᠤᠷᠭ᠎ᠠ ᠳᠤᠷᠳᠤᠩ ᠭᠠᠳᠠᠷ ᠲᠠᠢ ᠭᠡᠵᠤ ᠢᠯᠭᠠᠭ᠎ᠠ ᠲᠠᠢ ᠪᠠᠶᠢᠵᠠᠢ᠃ ᠰᠦᠨᠢᠳ ᠤᠨ ᠲᠡᠷᠯᠢᠭ᠂ ᠳᠡᠪᠡᠯ ᠪᠤᠯ ᠪᠦᠷ ᠤᠨᠤᠭᠤ ᠦᠬᠡᠢ᠃︵ᠨᠢᠬᠡ︶ ᠡᠷᠡᠭᠲᠡᠢ ᠬᠦᠮᠦᠨ ᠤ ᠬᠤᠪᠴᠠᠰᠤ ᠬᠤᠨᠠ᠊‍ᠷ     ᠲᠡᠷᠯᠢᠭ     ᠰᠦᠨᠢᠳ ᠡᠷᠡᠭᠲᠡᠶᠢᠴᠤᠳ ᠤᠷᠲᠤ ᠬᠤᠪᠴᠠᠰᠤ —— ᠲᠡᠷᠯᠢᠭ᠂ ᠳᠡᠪᠡᠯ ᠢ ᠠᠳᠠᠯᠢ ᠪᠤᠰᠤ ᠤᠯᠠᠷᠢᠯ ᠳᠤ ᠵᠤᠬᠢᠴᠠᠭᠤᠯᠤᠨ ᠡᠮᠦᠰᠳᠡᠭ ᠶᠤᠮ᠃ ᠡᠩ ᠤᠨ ᠴᠠᠭ ᠲᠠᠭᠠᠨ ᠡᠮᠦᠰᠴᠤ ᠡᠳ᠋ᠯᠡᠬᠦ᠂ ᠨᠠᠶᠢᠷ ᠨᠠᠭᠠᠳᠤᠮ᠂ ᠰᠢᠨ᠎ᠡ ᠴᠠᠭᠠᠨ ᠰᠠᠷ᠎ᠠ᠂ ᠪᠠᠶᠠᠷ ᠬᠤᠷᠢᠮ ᠤᠨ ᠭᠤᠵᠤᠯᠠᠯ ᠵᠠᠰᠠᠯ ᠤᠨ ᠬᠤᠪᠴᠠᠰᠤ ᠭᠡᠵᠤ ᠢᠯᠭᠠᠭ᠎ᠠ ᠲᠠᠢ ᠡᠮᠦᠰᠴᠤ ᠡᠳ᠋ᠯᠡᠬᠦ ᠵᠠᠩᠰᠢᠯ  ᠲᠠᠢ ᠪᠠᠶᠢᠳᠠᠭ᠃     ᠰᠦᠨᠢᠳ ᠤᠨ ᠲᠡᠷᠯᠢᠭ᠂ ᠳᠡᠪᠡᠯ ᠡᠷᠲᠡ ᠳᠡᠭᠡᠨ ᠪᠦᠷ ᠨᠢᠳᠤᠷᠭ᠎ᠠ ᠲᠠᠢ ᠪᠠᠶᠢᠵᠠᠢ᠃ ᠤᠳᠤ ᠨᠢᠳᠤᠷᠭ᠎ᠠ ᠦᠬᠡᠢ ᠪᠤᠯᠵᠤ ᠬᠤᠪᠢᠷᠠᠭᠰᠠᠨ ᠶᠤᠮ᠃ ᠡᠪᠤᠭᠡᠨ ᠨᠠᠰᠤᠲᠠᠢ ᠬᠦᠮᠦᠨ ᠤ ᠬᠤᠪᠴᠠᠰᠤᠨ ᠤ ᠨᠢᠳᠤᠷᠭ᠎ᠠ ᠨᠢ ᠬᠠᠯᠪᠠᠭᠠᠷ ᠪᠦᠳᠦᠬᠦᠨ ᠰᠢᠭ ᠪᠠᠶᠢᠵᠤ᠂ ᠵᠠᠯᠠᠭᠤ ᠬᠦᠮᠦᠨ᠂ ᠢᠳᠡᠷ ᠬᠦᠮᠦᠨ᠂ ᠡᠰᠡᠭᠦᠯ᠎ᠡ ᠡᠮᠡᠭᠲᠡᠢ ᠬᠦᠮᠦᠨ ᠤ ᠬᠤᠪᠴᠠᠰᠤᠨ ᠤ ᠨᠢᠳᠤᠷᠭ᠎ᠠ ᠨᠢ ᠪᠠᠭ᠎ᠠ ᠰᠢᠭ᠋ ᠬᠠᠯᠪᠠᠭᠠᠷ ᠪᠠᠶᠢᠵᠠᠢ᠃ ᠲᠡᠷᠯᠢᠭ ᠳᠡᠪᠡᠯ ᠤᠨ ᠨᠢᠳᠤᠷᠭ᠎ᠠ ᠶᠢ ᠴᠡᠩᠭᠡᠷ᠂ ᠬᠦᠷᠡᠩ᠂ ᠬᠦᠬᠡ ᠦᠩᠭᠡᠲᠡᠢ ᠲᠤᠷᠭ᠎ᠠ ᠳᠤᠷᠳᠤᠩ ᠢᠶᠠᠷ ᠬᠢᠳᠡᠭ ᠪᠦᠬᠡᠳ ᠳᠡᠪᠡᠯ ᠤᠨ ᠨᠢᠳᠤᠷᠭ᠎ᠠ ᠶᠢ ᠬᠠᠯᠢᠭᠤ ᠪᠤᠯᠠᠭ᠎ᠠ ᠶᠢᠨ ᠠᠷᠠᠰᠤ᠂ ᠬᠤᠷᠠᠭᠠᠨ ᠤ ᠠᠷᠠᠰᠤ᠂ ᠪᠤᠲᠤᠭᠤᠨ ᠤ ᠠᠷᠠᠰᠤ ᠪᠤᠶᠤ ᠤᠨᠠᠭᠠᠨ ᠤ ᠠᠷᠠᠰᠤ ᠪᠠᠷ ᠬᠢᠵᠤ ᠲᠤᠷᠭ᠎ᠠ ᠳᠤᠷᠳᠤᠩ ᠢᠶᠠᠷ ᠭᠠᠳᠠᠷ ᠬᠢᠬᠦ ᠨᠢ ᠤᠯᠠᠨ ᠪᠠᠶᠢᠵᠤ᠂ ᠬᠠᠷᠢᠨ ᠬᠠᠪᠤᠷ ᠨᠠᠮᠤᠷ ᠤᠨ ᠬᠤᠪᠴᠠᠰᠤᠨ ᠤ ᠨᠢᠳᠤᠷᠭ᠎ᠠ ᠶᠢ ᠪᠤᠯ ᠬᠢᠯᠢᠩ ᠢᠶᠠᠷ ᠬᠢᠳᠡᠭ ᠪᠠᠶᠢᠭᠰᠠᠨ ᠶᠤᠮ᠃     ᠰᠦᠨᠢᠳ ᠡᠷᠡᠭᠲᠡᠶᠢᠴᠤᠳ ᠤᠨ ᠲᠡᠷᠯᠢᠭ ᠨᠢ ᠴᠡᠭᠡᠵᠢ ᠪᠠᠷ ᠢᠶᠠᠨ ᠠᠭᠤᠵᠢᠮ᠂ ᠬᠠᠨᠴᠤᠢ ᠨᠢ ᠤᠷᠲᠤ᠂ ᠬᠤᠷᠮᠤᠢ ᠨᠢ ᠲᠠᠯᠪᠢᠭᠤ᠂ ᠤᠨᠤᠭᠤ ᠦᠬᠡᠢ ᠪᠠᠶᠢᠵᠤ᠂ ᠳᠤᠭᠤᠯᠠᠩ ᠡᠩᠭᠡᠷ᠂ ᠰᠢᠯᠤᠭᠤᠨ ᠡᠩᠭᠡᠷ ᠭᠡᠵᠤ ᠬᠤᠶᠠᠷ ᠶᠠᠩᠵᠤ  ᠬᠤᠪᠢᠶᠠᠳᠠᠭ ᠶᠤᠮ᠃ ᠤᠳᠤ ᠰᠢᠯᠤᠭᠤᠨ ᠡᠩᠭᠡᠷ ᠲᠠᠢ ᠬᠤᠪᠴᠠᠰᠤ ᠡᠮᠦᠰᠬᠦ ᠪᠠᠨ ᠪᠠᠶᠢᠴᠢᠬᠠᠭᠰᠠᠨ ᠪᠠᠶᠢᠨ᠎ᠠ᠃ ᠦᠩᠭᠡᠷᠡᠭᠰᠡᠨ ᠳᠤ ᠰᠢᠯᠤᠭᠤᠨ ᠡᠩᠭᠡᠷ ᠲᠠᠢ ᠲᠡᠷᠯᠢᠭ ᠢ ᠨᠢᠬᠡ ᠨᠠᠷᠢᠨ᠂ ᠨᠢᠬᠡ ᠦᠷᠬᠡᠨ ᠬᠤᠶᠠᠷ ᠡᠮᠵᠢᠶᠡᠷᠢ ᠪᠠᠷ ᠡᠮᠵᠢᠵᠤ ᠪᠠᠶᠢᠵᠠᠢ᠃ ᠳᠤᠭᠤᠯᠠᠩ ᠡᠩᠭᠡᠷ ᠲᠠᠢ ᠲᠡᠷᠯᠢᠭ ᠤᠨ ᠵᠠᠬ᠎ᠠ᠂ ᠡᠩᠭᠡᠷ᠂ ᠬᠠᠨᠴᠤᠢ᠂ ᠲᠠᠰᠢᠶ᠎ᠠ ᠶᠢ ᠡᠮᠵᠢᠬᠦ ᠪᠦᠬᠡᠳ ᠦᠩᠭᠡ ᠬᠠᠷᠰᠢᠭᠰᠠᠨ ᠬᠤᠷᠴᠠᠯᠢᠭ ᠦᠩᠭᠡᠲᠡᠢ ᠲᠤᠷᠭ᠎ᠠ ᠳᠤᠷᠳᠤᠩ ᠢᠶᠠᠷ ᠡᠮᠵᠢᠳᠡᠭ᠃ ᠭᠤᠤᠯᠳᠠᠭᠤ ᠴᠠᠭᠠᠨ ᠳᠤᠷᠳᠤᠩ᠂ ᠬᠤᠸᠠ ᠰᠢᠷ᠎ᠠ ᠲᠤᠷᠭ᠎ᠠ ᠪᠠᠷ ᠬᠤᠪᠴᠠᠰᠤ ᠪᠠᠨ ᠡᠮᠵᠢᠬᠦ ᠵᠠᠩᠰᠢᠯ ᠲᠠᠢ ᠪᠠᠶᠢᠳᠠᠭ᠃     ᠲᠡᠷᠯᠢᠭ ᠤᠨ ᠡᠮᠵᠢᠶᠡᠷᠢ ᠳᠤ ᠨᠢᠬᠡ ᠡᠮᠵᠢᠬᠦ᠂ ᠬᠤᠶᠠᠷ ᠡᠮᠵᠢᠬᠦ᠂ ᠨᠠᠷᠢᠨ ᠦᠷᠬᠡᠨ ᠬᠤᠶᠠᠷ ᠡᠮᠵᠢᠬᠦ᠂ ᠭᠤᠷᠪᠠ ᠡᠮᠵᠢᠬᠦ᠂ ᠳᠦᠷᠪᠡ ᠡᠮᠵᠢᠬᠦ ᠬᠡᠵᠤ ᠬᠡᠳᠤᠨ ᠶᠠᠩᠵᠤ ᠶᠢᠨ ᠡᠮᠵᠢᠶᠡᠷᠢ ᠪᠠᠶᠢᠳᠠᠭ ᠪᠦᠬᠡᠳ ᠡᠬᠦᠨ ᠢ ᠨᠠᠰᠤ ᠵᠢᠯ᠂ ᠡᠩ ᠤᠨ ᠡᠮᠦᠰᠬᠡᠯ ᠪᠠ ᠭᠤᠶᠤᠯᠠᠯ ᠵᠠᠰᠠᠯ ᠤᠨ ᠡᠮᠦᠰᠬᠡᠯ ᠳᠤ ᠵᠤᠬᠢᠴᠠᠭᠤᠯᠤᠨ ᠡᠮᠵᠢᠶᠡᠷᠢ ᠪᠠᠨ ᠳᠤᠬᠢᠷᠠᠭᠤᠯᠳᠠᠭ ᠶᠤᠮ᠃ ᠨᠡᠯᠢᠶᠡᠳ ᠳᠡᠭᠡᠷ᠎ᠡ ᠦᠶ᠎ᠡ ᠶᠢᠨ ᠰᠦᠨᠢᠳ ᠤᠨ ᠡᠮᠦᠰᠬᠡᠯ ᠤᠨ ᠡᠮᠵᠢᠶᠡᠷᠢ ᠪᠠᠷᠤᠭ ᠯᠡ ᠨᠢᠬᠡ ᠪᠤᠶᠤ ᠬᠤᠶᠠᠷᠬᠠᠨ ᠡᠮᠵᠢᠶᠡᠷᠢ ᠡᠮᠵᠢᠬᠦ ᠨᠢ ᠤᠯᠠᠨ ᠪᠠᠶᠢᠵᠠᠢ᠃ ᠤᠳᠤ ᠪᠤᠯ ᠨᠠᠰᠤᠲᠠᠢ ᠡᠪᠤᠭᠡᠨ ᠬᠦᠮᠦᠨ ᠤ ᠬᠤᠪᠴᠠᠰᠤ ᠶᠢ ᠨᠢᠬᠡ ᠪᠤᠶᠤ ᠬᠤᠶᠠᠷ ᠡᠮᠵᠢᠬᠦ᠂ ᠭᠤᠶᠤᠯᠠᠯ ᠤᠨ ᠬᠤᠪᠴᠠᠰᠤ ᠶᠢ ᠭᠤᠷᠪᠠ ᠡᠮᠵᠢᠬᠦ ᠪᠤᠯᠵᠠᠢ᠃ ᠢᠳᠡᠷ ᠵᠠᠯᠠᠭᠤᠴᠤᠳ ᠤᠨ ᠬᠤᠪᠴᠠᠰᠤ ᠶᠢ ᠪᠦᠷ ᠭᠤᠷᠪᠠ ᠳᠦᠷᠪᠡ ᠡᠮᠵᠢᠨ᠎ᠡ᠃     ᠳᠠᠪᠬᠤᠷ ᠲᠡᠷᠯᠢᠭ ᠪᠤᠯ ᠬᠠᠪᠤᠷ ᠤᠨ ᠰᠡᠭᠦᠯᠴᠢ ᠨᠠᠮᠤᠷ ᠤᠨ ᠡᠬᠢ ᠬᠦᠷᠲᠡᠯᠡᠬᠢ ᠡᠮᠦᠰᠭᠡᠯ ᠬᠤᠪᠴᠠᠰᠤ ᠪᠤᠯᠤᠨ᠎ᠠ᠃ ᠵᠤᠨ ᠤ ᠬᠠᠯᠠᠭᠤᠨ ᠴᠠᠭ ᠲᠤ ᠳᠠᠩ ᠲᠡᠷᠯᠢᠭ ᠡᠮᠤᠰᠤᠨ᠎ᠡ᠃ ᠳᠠᠪᠬᠤᠷ ᠲᠡᠷᠯᠢᠭ ᠪᠤᠯ ᠭᠤᠤᠯᠳᠠᠭᠤ ᠴᠡᠩᠬᠡᠷ᠂ ᠬᠦᠬᠡ᠂ ᠬᠦᠷᠡᠩ ᠦᠩᠬᠡᠲᠡᠢ ᠳᠠᠪᠤᠤ ᠳᠠᠯᠢᠩᠪᠤᠤ᠂ ᠲᠤᠷᠭ᠎ᠠ ᠬᠤᠷᠭᠤᠢ᠂ ᠳᠤᠷᠳᠤᠩ ᠴᠢᠰᠴᠠᠤ ᠪᠠᠷ ᠭᠠᠳᠠᠷ ᠬᠢᠵᠤ᠂ ᠡᠷᠢᠶᠡᠨ ᠪᠦᠰ ᠢᠶᠠᠷ ᠳᠤᠲᠤᠷᠯᠠᠵᠤ ᠦᠩᠭᠡ ᠬᠠᠷᠰᠢᠭᠤᠯᠤᠨ ᠡᠮᠵᠢᠶᠡᠷᠢ ᠲᠤᠬᠢᠷᠠᠭᠤᠯᠳᠠᠭ ᠶᠤᠰᠤᠲᠠᠢ᠃ ᠰᠦᠨᠢᠳ ᠡᠷᠡᠭᠲᠡᠶᠢᠴᠤᠳ ᠪᠤᠯ ᠴᠡᠩᠬᠡᠷ᠂ ᠬᠦᠷᠡᠩ ᠦᠩᠭᠡᠲᠡᠢ ᠬᠤᠪᠴᠠᠰᠤ ᠡᠮᠦᠰᠬᠦ ᠳᠤᠷᠠᠲᠠᠢ᠂ ᠢᠯᠠᠩᠭᠤᠶ᠎ᠠ ᠢᠳᠡᠷ ᠨᠠᠰᠤᠨ ᠠᠴᠠ ᠳᠡᠭᠡᠭᠰᠢᠬᠢ ᠡᠷᠡᠭᠲᠡᠶᠢᠴᠤᠳ ᠪᠤᠯ ᠬᠦᠷᠡᠩ ᠦᠩᠬᠡ ᠶᠢ ᠡᠷᠬᠢᠮᠯᠡᠨ᠎ᠡ᠃     ᠡᠩ ᠤᠨ ᠡᠮᠦᠰᠬᠦ ᠲᠡᠷᠯᠢᠭ ᠢ ᠳᠠᠪᠤᠤ ᠳᠠᠯᠢᠩᠪᠤᠤ᠂ ᠲᠤᠷᠭ᠎ᠠ ᠳᠤᠷᠳᠤᠩ ᠢᠶᠠᠷ ᠬᠢᠳᠡᠭ ᠪᠦᠬᠡᠳ ᠳᠠᠩ ᠳᠠᠪᠬᠤᠷ᠂ ᠬᠦᠪᠤᠩᠲᠠᠢ ᠲᠡᠷᠯᠢᠭ ᠭᠡᠵᠤ ᠢᠯᠭᠠᠨ ᠪᠤᠷᠤᠭᠵᠢᠭᠤᠨ ᠡᠮᠵᠢᠶᠡᠷᠢ ᠲᠠᠭᠠᠷᠠᠭᠤᠯᠵᠤ ᠡᠮᠦᠰᠬᠦ ᠳᠠᠳᠬᠠᠯ ᠲᠠᠢ ᠪᠠᠶᠢᠳᠠᠭ᠃     ᠭᠤᠶᠤᠯᠠᠯ ᠵᠠᠰᠠᠯ ᠤᠨ ᠬᠤᠪᠴᠠᠰᠤ ᠶᠢ ᠲᠤᠩ ᠰᠠᠶᠢᠬᠠᠨ ᠬᠢᠵᠤ ᠡᠳ᠋ᠯᠡᠬᠦ ᠤᠯᠠᠮᠵᠢᠯᠠᠯ ᠲᠠᠢ᠃ ᠵᠢᠯ ᠴᠠᠭᠠᠨ ᠰᠠᠷ᠎ᠠ᠂ ᠨᠠᠶᠢᠷ ᠨᠠᠭᠠᠳᠤᠮ᠂ ᠪᠠᠶᠠᠷ ᠬᠤᠷᠢᠮ ᠳᠤ ᠪᠤᠯ ᠪᠦᠷ ᠵᠠᠰᠠᠯ ᠭᠤᠶᠤᠯᠠᠯ ᠤᠨ ᠭᠤᠶᠤ ᠭᠠᠩᠭᠠᠩ ᠬᠤᠪᠴᠠᠰᠤ ᠡᠮᠤᠰᠤᠨ᠎ᠡ᠃ ᠵᠠᠰᠠᠯ ᠭᠤᠶᠤᠯᠠᠯ ᠤᠨ ᠬᠤᠪᠴᠠᠰᠤ ᠶᠢ ᠪᠠᠷᠤᠭ ᠳᠦᠷᠪᠡ ᠡᠮᠵᠢᠬᠦ ᠪᠤᠶᠤ ᠵᠢᠷᠭᠤᠭ᠎ᠠ ᠡᠮᠵᠢᠬᠦ ᠴᠦ ᠪᠤᠢ᠃     ᠲᠡᠷᠯᠢᠭ ᠤᠨ ᠲᠤᠪᠴᠢ ᠰᠢᠯᠪᠢ ᠶᠢ ᠡᠮᠵᠢᠶᠡᠷᠢ ᠪᠠᠨ ᠦᠨᠳᠦᠰᠦᠯᠡᠵᠤ ᠬᠠᠳᠠᠬᠤ ᠶᠤᠰᠤ ᠭᠤᠷᠢᠮ ᠲᠠᠢ᠃ ᠲᠤᠪᠴᠢ ᠳᠤ ᠠᠯᠲᠠᠨ ᠲᠤᠪᠴᠢ᠂ ᠮᠦᠩᠬᠦᠨ ᠲᠤᠪᠴᠢ᠂ ᠭᠠᠤᠯᠢᠨ ᠲᠤᠪᠴᠢ᠂ ᠵᠠᠩᠭᠢᠳᠤᠮᠠᠯ ᠲᠤᠪᠴᠢ ᠬᠡᠵᠤ ᠬᠡᠳᠤᠨ ᠵᠤᠶᠢᠯ ᠪᠠᠶᠢᠵᠤ᠂ ᠶᠠᠮᠠᠷ ᠦᠩᠭᠡ ᠶᠢᠨ ᠶᠠᠭᠤᠮ᠎ᠠ ᠪᠠᠷ ᠡᠮᠵᠢᠭᠰᠡᠨ ᠪᠤᠯ ᠲᠡᠷᠡ ᠦᠩᠭᠡ ᠶᠢᠨ ᠲᠤᠷᠭ᠎ᠠ ᠳᠤᠷᠳᠤᠩ ᠪᠠᠷ ᠰᠢᠯᠪᠢ ᠬᠢᠳᠡᠭ ᠪᠦᠬᠡᠳ ᠪᠠᠰᠠ ᠠᠯᠲᠠᠨ ᠰᠠ ᠰᠢᠯᠪᠢ ᠭᠡᠵᠤ ᠪᠠᠶᠢᠳᠠᠭ᠃ ᠲᠡᠷᠯᠢᠭ ᠤᠨ ᠲᠤᠪᠴᠢ ᠰᠢᠯᠪᠢ ᠶᠢ ᠡᠮᠵᠢᠶᠡᠷᠢ ᠪᠠᠨ ᠦᠵᠡᠵᠤ ᠲᠤᠭ᠎ᠠ ᠪᠠᠷᠢᠮᠵᠢᠶ᠎ᠠ ᠶᠢ ᠨᠢ ᠲᠤᠭᠲᠠᠭᠠᠨ᠎ᠠ᠃ ᠨᠢᠬᠡ ᠡᠮᠵᠢᠶᠡᠷᠢ ᠲᠠᠢ ᠲᠡᠷᠯᠢᠭ ᠳᠤ ᠬᠤᠭᠤᠯᠠᠢ᠂ ᠡᠩᠭᠡᠷ᠂ ᠰᠤᠭᠤᠨ‌‍ᠳᠤ ᠨᠢᠬᠡ ᠲᠤᠪᠴᠢ ᠰᠢᠯᠪᠢ᠂ ᠲᠠᠰᠢᠶᠠᠨ ᠳᠤ ᠵᠠᠶᠢᠲᠠᠢ ᠰᠢᠭ᠋ ᠬᠤᠶᠠᠷ ᠲᠤᠪᠴᠢ ᠰᠢᠯᠪᠢ ᠬᠠᠳᠠᠨ᠎ᠠ᠃ ᠬᠤᠶᠠᠷ ᠡᠮᠵᠢᠶᠡᠷᠢ ᠲᠠᠢ ᠲᠡᠷᠯᠢᠭ ᠪᠤᠯ ᠬᠤᠭᠤᠯᠠᠢ᠂ ᠡᠩᠭᠡᠷ᠂ ᠲᠠᠰᠢᠶᠠᠨ ᠳᠤ ᠲᠤᠰ ᠪᠦᠷᠢ ᠬᠤᠶᠠᠷ ᠲᠤᠪᠴᠢ ᠰᠢᠯᠪᠢ᠂ ᠰᠤᠭᠤᠨ ᠳᠤ ᠨᠢᠬᠡ ᠲᠤᠪᠴᠢ ᠰᠢᠯᠪᠢ ᠬᠠᠳᠠᠨ᠎ᠠ᠃ ᠭᠤᠷᠪᠠᠨ ᠡᠮᠢᠵᠢᠶᠡᠷᠢ ᠲᠠᠢ ᠲᠡᠷᠯᠢᠭ ᠪᠤᠯ ᠬᠤᠭᠤᠯᠠᠢ᠂ ᠡᠩᠭᠡᠷ᠂ ᠲᠠᠰᠢᠶᠠᠨ ᠳᠤ ᠲᠤᠰ ᠪᠦᠷᠢ ᠭᠤᠷᠪᠠᠨ ᠲᠤᠪᠴᠢ ᠰᠢᠯᠪᠢ᠂ ᠰᠤᠭᠤᠨ ᠳᠤ ᠨᠢᠬᠡ ᠲᠤᠪᠴᠢ ᠰᠢᠯᠪᠢ ᠬᠠᠳᠠᠨ᠎ᠠ᠃ ᠳᠦᠷᠪᠡ ᠡᠮᠵᠢᠶᠡᠷᠢ ᠲᠠᠢ ᠲᠡᠷᠯᠢᠭ ᠪᠤᠯ ᠬᠤᠭᠤᠯᠠᠢ᠂ ᠡᠩᠭᠡᠷ᠂ ᠲᠠᠰᠢᠶᠠᠨ ᠳᠤ ᠲᠤᠰ ᠪᠦᠷᠢ ᠳᠦᠷᠪᠡᠨ ᠲᠤᠪᠴᠢ ᠰᠢᠯᠪᠢ᠂ ᠰᠤᠭᠤᠨ ᠳᠤ ᠬᠤᠶᠠᠷ ᠲᠤᠪᠴᠢ ᠰᠢᠯᠪᠢ ᠬᠠᠳᠠᠨ᠎ᠠ᠃ ᠲᠤᠪᠴᠢ ᠲᠤᠪᠴᠢᠯᠠᠬᠤ ᠰᠢᠯᠪᠢ ᠶᠢ ᠡᠷ᠎ᠡ ᠰᠢᠯᠪᠢ᠂ ᠲᠤᠪᠴᠢ ᠶᠢᠨ ᠰᠡᠨᠵᠢ ᠤᠷᠤᠭᠤᠯᠵᠤ ᠲᠤᠷᠭᠤᠬᠤ ᠰᠢᠯᠪᠢ ᠶᠢ ᠡᠮ᠎ᠡ ᠰᠢᠯᠪᠢ ᠬᠡᠵᠤ ᠨᠡᠷᠡᠯᠡᠳᠡᠭ᠃     ᠳᠡᠪᠡᠯ     ᠬᠠᠪᠤᠷ ᠨᠠᠮᠤᠷ ᠤᠨ ᠰᠡᠷᠢᠬᠦᠨ ᠬᠦᠢᠲᠡᠨ ᠴᠠᠭ ᠲᠤ ᠬᠦᠪᠦᠩᠲᠡᠢ ᠲᠡᠷᠯᠢᠭ ᠡᠮᠦᠰᠬᠦ ᠶᠢ ᠭᠠᠷᠭᠠᠪᠠᠯ᠂ ᠡᠪᠤᠯ ᠤᠨ ᠡᠬᠢ᠂ ᠰᠡᠭᠦᠯᠴᠢ᠂ ᠬᠠᠪᠤᠷ ᠤᠨ ᠡᠬᠢ᠂ ᠨᠠᠮᠤᠷ ᠤᠨ ᠰᠡᠭᠦᠯᠴᠢ ᠬᠦᠷᠲᠡᠯ᠎ᠡ ᠨᠡᠬᠡᠢ ᠳᠡᠪᠡᠯ᠂ ᠦᠵᠦᠬᠦᠷᠰᠦᠨ ᠳᠡᠪᠡᠯ ᠡᠮᠦᠰᠦᠨ᠎ᠡ᠃ ᠨᠡᠬᠡᠢ ᠳᠡᠪᠡᠯ ᠳᠤ ᠭᠠᠳᠠᠷ ᠲᠠᠢ ᠨᠡᠬᠡᠢ ᠳᠡᠪᠡᠯ᠂ ᠦᠩᠭᠡ ᠴᠠᠭᠠᠨ ᠨᠡᠬᠡᠢ ᠳᠡᠪᠡᠯ ᠬᠡᠵᠤ ᠬᠤᠶᠠᠷ ᠶᠠᠩᠵᠤ ᠶᠢᠨ ᠬᠢᠴᠡ ᠲᠠᠢ ᠪᠠᠶᠢᠵᠤ᠂ ᠲᠡᠬᠦᠨ ᠢ ᠪᠦᠷ ᠡᠪᠤᠯ ᠤᠨ ᠶᠢᠰᠤ ᠶᠢᠨ ᠬᠦᠢᠲᠡᠨ ᠳᠤ ᠡᠮᠦᠰᠦᠨ᠎ᠡ᠃ ᠦᠵᠦᠬᠦᠷᠰᠦᠨ ᠳᠡᠪᠡᠯ ᠢ ᠪᠠᠷᠤᠭ ᠭᠠᠳᠠᠷᠯᠠᠵᠤ ᠬᠢᠵᠤ᠂ ᠭᠤᠷᠪᠠ ᠶᠢᠰᠤ ᠶᠢᠨ ᠬᠦᠢᠲᠡᠨ ᠠᠴᠠ ᠡᠮᠦᠨ᠎ᠡ ᠬᠤᠶᠢᠨ᠎ᠠ ᠡᠮᠦᠰᠳᠡᠭ᠃ ᠳᠡᠪᠡᠯ ᠢ ᠪᠠᠷᠤᠭ ᠪᠦᠷ ᠳᠠᠪᠤᠤ ᠳᠠᠯᠢᠩᠪᠤᠤ ᠪᠠᠷ ᠭᠠᠳᠠᠷᠯᠠᠵᠤ᠂ ᠨᠢᠭᠡ ᠬᠤᠶᠠᠷ ᠡᠰᠡᠭᠦᠯ᠎ᠡ ᠭᠤᠷᠪᠠᠨ ᠡᠮᠵᠢᠶᠡᠷᠢ ᠲᠠᠭᠠᠷᠠᠭᠤᠯᠵᠤ ᠬᠢᠬᠦ ᠪᠦᠬᠡᠳ ᠢᠯᠬᠢᠨ ᠳᠡᠪᠡᠯ᠂ ᠦᠩᠭᠡ ᠴᠠᠭᠠᠨ ᠨᠡᠬᠡᠢ ᠳᠡᠪᠡᠯ ᠢ ᠪᠠᠷᠤᠭ ᠭᠠᠭᠴᠠ ᠡᠮᠵᠢᠶᠡᠷᠢ ᠲᠠᠢ ᠬᠢᠳᠡᠭ᠃     ᠬᠤᠷᠠᠭᠠᠨ ᠳᠡᠪᠡᠯ ᠪᠤᠯ ᠵᠠᠰᠠᠯ ᠭᠤᠶᠤᠯᠠᠯ ᠤᠨ ᠭᠤᠤᠯ ᠬᠤᠪᠴᠠᠰᠤ ᠪᠤᠯᠬᠤ ᠲᠤᠯᠠ ᠵᠢᠯ ᠴᠠᠭᠠᠨ ᠰᠠᠷ᠎ᠠ᠂ ᠬᠤᠷᠢᠮ ᠨᠠᠶᠢᠷ ᠲᠤ ᠡᠮᠦᠰᠬᠦ ᠨᠢ ᠤᠯᠠᠨ ᠪᠠᠶᠢᠳᠠᠭ᠃ ᠬᠤᠷᠠᠭᠠᠨ ᠳᠡᠪᠡᠯ ᠢ ᠳᠤᠷᠳᠤᠩ᠂ ᠲᠤᠷᠭ᠎ᠠ ᠳᠤᠷᠳᠤᠩ ᠢᠶᠠᠷ ᠭᠠᠳᠠᠷᠯᠠᠵᠤ᠂ ᠤᠯᠠᠨ ᠡᠮᠵᠢᠶᠡᠷᠢ ᠲᠠᠭᠠᠷᠠᠭᠤᠯᠵᠤ ᠭᠠᠩᠭᠠᠩ ᠭᠡᠭᠡᠨᠴᠢᠷ ᠬᠢᠳᠡᠭ᠃ ᠲᠤᠰᠬᠠᠢ ᠭᠤᠶᠤᠯᠠᠯ ᠵᠠᠰᠠᠯ ᠳᠤ ᠰᠢᠭᠤᠳ ᠬᠠᠨᠳᠤᠯᠭ᠎ᠠ ᠲᠠᠢ ᠬᠢᠭᠰᠡᠨ ᠲᠡᠷᠯᠢᠭ᠂ ᠳᠡᠪᠡᠯ ᠪᠤᠯ ᠤᠷᠠᠴᠤᠳ ᠶᠡᠬᠡᠬᠡᠨ ᠬᠦᠴᠦ ᠬᠦᠳᠡᠯᠮᠦᠷᠢ ᠤᠷᠤᠭᠤᠯᠵᠤ᠂ ᠭᠤᠶᠤᠮᠰᠤᠭ ᠤᠷᠠᠨ ᠬᠢᠵᠤ᠂ ᠬᠤᠯᠠ ᠤᠶᠢᠷ᠎ᠠ ᠶᠢᠨ ᠨᠠᠶᠢᠷ ᠨᠠᠭᠠᠳᠤᠮ᠂ ᠰᠢᠨ᠎ᠡ ᠵᠢᠯ᠂ ᠪᠠᠶᠠᠷ ᠬᠤᠷᠢᠮ ᠳᠤ ᠭᠤᠶᠤᠯᠠᠵᠤ ᠡᠮᠦᠰᠬᠦ ᠬᠤᠪᠴᠠᠰᠤ ᠬᠤᠨᠠᠷ ᠬᠦᠮᠦᠨ ᠪᠤᠯᠭᠠᠨ ᠳᠤ ᠪᠠᠶᠢᠳᠠᠭ᠃ ᠡᠩ ᠤᠨ ᠴᠠᠭ ᠲᠠᠭᠠᠨ ᠡᠮᠦᠰᠬᠦ ᠬᠤᠪᠴᠠᠰᠤ ᠠᠴᠠ ᠪᠠᠨ ᠭᠤᠶᠤ ᠰᠠᠶᠢᠬᠠᠨ ᠡᠳ᠋ ᠪᠠᠷᠠᠭ᠎ᠠ ᠰᠤᠩᠭᠤᠵᠤ ᠤᠷᠠᠨ ᠭᠤᠶᠤ ᠤᠶᠤᠵᠤ ᠬᠢᠭᠰᠡᠨ ᠪᠠᠶᠢᠳᠠᠭ  ᠠᠴᠠ ᠪᠢᠰᠢ ᠶᠠᠮᠠᠷ ᠴᠦ ᠢᠯᠭᠠᠭ᠎ᠠ ᠦᠬᠡᠢ ᠪᠠᠶᠢᠳᠠᠭ᠃     ᠪᠦᠰᠡ     ᠰᠦᠨᠢᠳᠴᠤᠳ ᠡᠩ ᠤᠨ ᠴᠠᠭ ᠪᠠ ᠭᠤᠶᠤᠯᠠᠯ ᠵᠠᠰᠠᠯ ᠤᠨ ᠦᠶ᠎ᠡ ᠳᠡᠭᠡᠨ ᠪᠦᠷ ᠰᠢᠷ᠎ᠠ ᠳᠤᠷᠳᠤᠩ ᠪᠦᠰᠡ ᠪᠦᠰᠡᠯᠡᠬᠦ ᠳᠤᠷᠠᠲᠠᠢ ᠪᠠᠶᠢᠵᠤ᠂ ᠡᠩ ᠤᠨ ᠴᠠᠭ ᠲᠤ ᠨᠤᠭᠤᠭᠠᠨ᠂ ᠴᠡᠩᠭᠡᠷ ᠳᠤᠷᠳᠤᠩ ᠪᠦᠰᠡ ᠪᠦᠰᠡᠯᠡᠵᠤ᠂ ᠭᠤᠶᠤᠯᠠᠯ ᠤᠨ ᠴᠠᠭ ᠲᠤ ᠶᠡᠷᠤ ᠨᠢ ᠰᠢᠷ᠎ᠠ ᠳᠤᠷᠳᠤᠩ ᠪᠦᠰᠡ ᠪᠦᠰᠡᠯᠡᠬᠦ ᠵᠠᠩᠰᠢᠯ ᠲᠠᠢ ᠪᠠᠶᠢᠳᠠᠭ᠃ ᠬᠠᠷᠢᠨ ᠤᠯᠠᠭᠠᠨ ᠳᠤᠷᠳᠤᠩ ᠪᠦᠰᠡ ᠪᠦᠰᠡᠯᠡᠬᠦ ᠵᠠᠩᠰᠢᠯ ᠦᠬᠡᠢ᠂ ᠴᠠᠭᠠᠨ ᠳᠤᠷᠳᠤᠩ ᠪᠦᠰᠡ ᠪᠦᠰᠡᠯᠡᠬᠦ ᠶᠢ ᠤᠨᠴᠠ ᠴᠡᠭᠡᠷᠯᠡᠨ᠎ᠡ᠃     ᠮᠠᠯᠠᠭᠠᠢ     ᠰᠦᠨᠢᠳ ᠬᠦᠮᠦᠨ ᠡᠷᠲᠡ ᠦᠶ᠎ᠡ ᠳᠡᠭᠡᠨ ᠱᠤᠪᠤᠭᠤᠷ ᠤᠷᠤᠢ ᠲᠠᠢ ᠲᠤᠭᠤᠷᠢᠭ ᠬᠡᠯᠪᠡᠷᠢ ᠲᠠᠢ ᠮᠠᠯᠠᠭᠠᠢ ᠡᠮᠦᠰᠴᠤ᠂ ᠰᠡᠭᠦᠯᠡᠷ ᠨᠢ ᠯᠢᠮᠤ ᠮᠠᠯᠠᠭᠠᠢ ᠶᠢ ᠬᠠᠪᠤᠷ᠂ ᠵᠤᠨ᠂ ᠨᠠᠮᠤᠷ ᠡᠮᠦᠰᠬᠦ ᠪᠤᠯᠵᠤ᠂ ᠡᠪᠤᠯ ᠳᠡᠭᠡᠨ ᠦᠨᠡᠬᠡᠨ ᠶᠦᠳᠡᠩ ᠮᠠᠯᠠᠭᠠᠢ ᠬᠢᠵᠤ ᠡᠮᠦᠰᠳᠡᠭ ᠪᠤᠯᠵᠠᠢ᠃ ᠢᠳᠡᠷ ᠵᠠᠯᠠᠭᠤᠴᠤᠳ ᠨᠢ ᠪᠠᠰᠠ ᠠᠯᠴᠢᠭᠤᠷ ᠪᠤᠭᠤᠵᠤ ᠶᠠᠪᠤᠳᠠᠭ ᠴᠦ ᠪᠠᠶᠢᠵᠠᠢ᠃ ᠡᠪᠤᠯ ᠳᠡᠭᠡᠨ ᠡᠮᠦᠰᠬᠦ ᠦᠨᠡᠬᠡᠨ ᠶᠦᠳᠡᠩ ᠮᠠᠯᠠᠭᠠᠢ ᠨᠢ ᠲᠤᠷᠭᠠᠨ ᠭᠠᠳᠠᠷ ᠲᠠᠢ᠂ ᠦᠨᠡᠭᠡ ᠭᠢᠷᠰᠠ ᠶᠢᠨ ᠠᠷᠠᠰᠤ ᠪᠠᠷ ᠲᠤᠲᠤᠷ ᠲᠠᠳᠠᠵᠤ ᠬᠢᠨ᠎ᠡ᠃ ᠭᠡᠭᠦ ᠳᠡᠭᠡᠨ ᠠᠷᠤ ᠬᠦᠪᠡᠭᠡ ᠶᠢ ᠨᠢ ᠡᠮᠵᠢᠵᠤ ᠦᠯᠵᠡᠢ ᠤᠲᠠᠰᠤ ᠤᠷᠢᠶᠠᠵᠤ᠂ ᠶᠡᠭᠡ ᠰᠠᠶᠢᠬᠠᠨ ᠤᠷᠠᠨ ᠤᠶᠤᠵᠤ ᠬᠢᠳᠡᠭ᠃ ᠦᠨᠡᠬᠡᠨ ᠶᠦᠳᠡᠩ ᠮᠠᠯᠠᠭᠠᠢ ᠨᠢ ᠡᠮᠦᠰᠬᠦ ᠳᠤ ᠳᠤᠯᠠᠭᠠᠨ᠂ ᠦᠵᠡᠬᠦ ᠳᠤ ᠭᠤᠶᠤᠮᠰᠤᠭ ᠪᠠᠶᠢᠳᠠᠭ ᠢᠶᠠᠷ ᠢᠶᠠᠨ ᠠᠯᠳᠠᠷᠲᠠᠢ᠃ ᠪᠠᠶᠠᠷ ᠨᠠᠶᠢᠷ᠂ ᠰᠢᠨ᠎ᠡ ᠴᠠᠭᠠᠨ ᠰᠠᠷ᠎ᠠ ᠳᠤ ᠪᠦᠷ ᠭᠤᠶᠤ ᠰᠠᠶᠢᠬᠠᠨ ᠤᠷᠠᠯᠠᠵᠤ ᠭᠢᠭᠰᠡᠨ ᠦᠨᠡᠬᠡᠨ ᠶᠦᠳᠡᠩ ᠮᠠᠯᠠᠭᠠᠢ ᠡᠮᠦᠰᠴᠤ᠂ ᠴᠠᠭᠠᠨ᠂ ᠶᠠᠭᠠᠨ ᠳᠤᠷᠳᠤᠩ ᠠᠯᠴᠢᠭᠤᠷ ᠢᠶᠠᠷ ᠬᠦᠵᠦᠬᠦᠤ ᠪᠠᠨ ᠤᠷᠢᠶᠠᠳᠠᠭ ᠵᠠᠩᠰᠢᠯ ᠲᠠᠢ᠃ ᠬᠦᠵᠦᠬᠦᠤ ᠤᠷᠢᠶᠠᠬᠤ ᠠᠯᠴᠢᠭᠤᠷ ᠲᠠᠭᠠᠨ ᠬᠤᠶᠠᠷ ᠦᠵᠦᠬᠦᠷ ᠤᠨ ᠬᠦᠪᠡᠬᠡᠨ ᠳᠤ ᠨᠢ ᠦᠩᠭᠡ ᠦᠩᠭᠡ ᠶᠢᠨ ᠲᠤᠷᠭᠠᠨ ᠤᠲᠠᠰᠤ ᠪᠠᠷ ᠰᠢᠳᠤ ᠬᠠᠳᠬᠤᠵᠤ ᠤᠨᠴᠠ ᠰᠠᠶᠢᠬᠠᠨ ᠤᠷᠠᠯᠠᠵᠤ ᠤᠶᠤᠳᠠᠭ᠃     ᠭᠤᠲᠤᠯ ᠤᠶᠢᠮᠤᠰᠤ     ᠮᠠᠨ ᠤ ᠨᠤᠲᠤᠭ ᠲᠤ ᠦᠩᠭᠡᠷᠡᠭᠰᠡᠨ ᠳᠤ ᠡᠭᠡᠳᠡᠨ ᠬᠤᠩᠰᠢᠶᠠᠷ ᠲᠠᠢ᠂ ᠰᠢᠷ᠎ᠠ ᠵᠤᠯᠤᠭ ᠲᠠᠢ ᠮᠤᠩᠭᠤᠯ ᠭᠤᠲᠤᠯ ᠢ ᠦᠪᠡᠷᠰᠡᠳ ᠢᠶᠠᠨ ᠬᠢᠵᠤ ᠡᠮᠦᠰᠳᠡᠭ ᠪᠠᠶᠢᠵᠠᠢ᠃ ᠬᠠᠪᠤᠷ ᠵᠤᠨ ᠤ ᠭᠤᠲᠤᠯ ᠢ ᠰᠢᠷᠢᠨ ᠤᠯᠠ ᠲᠠᠢ ᠬᠢᠵᠤ᠂ ᠡᠪᠤᠯ ᠨᠠᠮᠤᠷ ᠤᠨ ᠭᠤᠲᠤᠯ ᠢ ᠪᠤᠯ ᠢᠰᠡᠭᠡᠢ ᠤᠯᠠ ᠲᠠᠢ ᠰᠢᠷᠢᠵᠤ ᠬᠢᠳᠡᠭ᠃ ᠬᠠᠭᠤᠴᠢᠨ ᠭᠤᠲᠤᠯ ᠤᠨ  ᠢᠶᠠᠨ ᠲᠦᠷᠡᠢ ᠳᠤ ᠬᠡᠳᠤᠨ ᠤᠳᠠᠭ᠎ᠠ ᠳᠠᠬᠢᠵᠤ ᠤᠯᠠ ᠬᠢᠵᠤ ᠡᠮᠦᠰᠴᠤ ᠪᠤᠯᠤᠨ᠎ᠠ᠃     ᠨᠠᠶᠢᠷ ᠨᠠᠭᠠᠳᠤᠮ᠂ ᠪᠠᠶᠠᠷ ᠬᠤᠷᠢᠮ᠂ ᠭᠤᠶᠤᠯᠠᠯ ᠵᠠᠰᠠᠯ ᠳᠤ ᠡᠮᠦᠰᠬᠦ ᠭᠤᠲᠤᠯ ᠢ ᠪᠤᠯ ᠲᠦᠷᠡᠢ ᠳᠤ ᠨᠢ ᠬᠡ ᠤᠭᠠᠯᠵᠠ᠂ ᠪᠠᠯ᠂ ᠦᠯᠵᠡᠢ ᠤᠲᠠᠰᠤ ᠤᠷᠠᠯᠠᠨ ᠤᠶᠤᠵᠤ ᠲᠤᠩ ᠭᠤᠶᠤᠮᠰᠤᠭ ᠬᠢᠳᠡᠭ᠃ ᠤᠶᠢᠮᠤᠰᠤ ᠶᠢ ᠪᠤᠯ ᠢᠰᠡᠭᠡᠢ ᠪᠠᠷ ᠬᠢᠵᠤ ᠲᠦᠷᠡᠢ ᠶᠢ ᠨᠢ ᠰᠢᠷᠢᠵᠤ᠂ ᠰᠠᠶᠢᠬᠠᠨ ᠬᠦᠪᠡᠭᠡ ᠲᠠᠢ ᠤᠷᠠᠯᠠᠵᠤ ᠤᠶᠤᠳᠠᠭ᠃ ᠵᠤᠨ ᠳᠠᠭᠠᠨ ᠳᠠᠪᠤᠤ ᠰᠢᠷᠢᠮᠡᠯ ᠤᠶᠢᠮᠤᠰᠤ ᠪᠤᠶᠤ ᠳᠠᠪᠤᠤ ᠤᠷᠢᠶᠠᠯᠲᠠ ᠲᠠᠢ ᠡᠮᠦᠰᠦᠨ᠎ᠡ᠃ ᠮᠤᠩᠭᠤᠯ ᠭᠤᠲᠤᠯ ᠤᠨ ᠢᠰᠡᠬᠡᠢ ᠤᠶᠢᠮᠤᠰᠤ ᠶᠢ ᠤᠷᠠᠯᠠᠵᠤ ᠭᠠᠩᠭᠠᠩ ᠴᠡᠪᠡᠷᠬᠡᠨ ᠬᠢᠪᠡᠯ ᠶᠡᠭᠡ ᠭᠤᠶᠤᠮᠰᠤᠭ ᠬᠠᠷᠠᠭᠳᠠᠨ᠎ᠠ᠃ ᠡᠭᠡᠳᠡᠨ ᠬᠤᠩᠰᠢᠶᠠᠷ ᠲᠠᠢ ᠪᠤᠯᠢᠭᠠᠷᠢᠨ ᠮᠤᠩᠭᠤᠯ ᠭᠤᠲᠤᠯ ᠪᠤᠯ ᠮᠤᠷᠢ ᠤᠨᠤᠭᠠᠨ ᠳᠡᠭᠡᠷ᠎ᠡ ᠳᠦᠷᠦᠬᠡᠯᠡᠵᠤ ᠶᠠᠪᠤᠬᠤ ᠳᠤ ᠡᠪ ᠲᠤᠬᠢᠷᠠᠮᠵᠢᠲᠠᠢ ᠲᠡᠳᠦᠢ ᠦᠬᠡᠢ ᠶᠠᠪᠠᠭᠠᠨ ᠶᠪᠤᠬᠤ ᠳᠤ ᠴᠦ ᠡᠪᠡᠰᠤ ᠨᠠᠯᠠᠭᠤᠯᠵᠤ ᠠᠶᠠᠯᠠᠬᠤ ᠳᠤ ᠶᠡᠭᠡ ᠡᠪᠲᠠᠶᠢᠬᠡᠨ ᠪᠠᠶᠢᠳᠠᠭ᠃︵ᠬᠤᠶᠠᠷ︶ ᠡᠮᠡᠭᠲᠡᠢ ᠬᠦᠮᠦᠨ ᠤ ᠬᠤᠪᠴᠠᠰᠤ ᠬᠤᠨᠠᠷ     ᠰᠦᠨᠢᠳ ᠤᠨ ᠡᠮᠡᠭᠲᠡᠶᠢᠴᠤᠳ ᠮᠦᠨ ᠤᠷᠲᠤ ᠬᠤᠪᠴᠠᠰᠤ —— ᠲᠡᠷᠯᠢᠭ ᠳᠡᠪᠡᠯ ᠢᠶᠠᠨ ᠡᠮᠦᠰᠴᠤ᠂ ᠰᠢᠷ᠎ᠠ ᠳᠤᠷᠳᠤᠩ ᠪᠦᠰᠡ ᠭᠤᠤᠯᠳᠠᠭᠤ ᠪᠦᠰᠡᠯᠡᠵᠤ᠂ ᠰᠢᠷ᠎ᠠ ᠵᠤᠯᠤᠭ ᠲᠠᠢ ᠡᠭᠡᠳᠡᠨ ᠮᠤᠩᠭᠤᠯ ᠭᠤᠲᠤᠯ ᠡᠮᠦᠰᠴᠤ᠂ ᠴᠠᠭᠠᠨ ᠠᠯᠴᠢᠭᠤᠷ ᠪᠤᠭᠤᠵᠤ ᠶᠠᠪᠤᠬᠤ ᠵᠠᠩᠰᠢᠯ ᠲᠠᠢ᠃ ᠰᠦᠨᠢᠳ ᠡᠮᠡᠭᠲᠡᠶᠢᠴᠤᠳ ᠴᠠᠭᠠᠨ ᠴᠡᠩᠭᠡᠷ᠂ ᠰᠢᠷ᠎ᠠ ᠨᠤᠭᠤᠭᠠᠨ ᠦᠩᠭᠡᠲᠡᠢ ᠲᠤᠷᠭ᠎ᠠ ᠳᠤᠷᠳᠤᠩ᠂ ᠳᠤᠷᠳᠤᠩ ᠴᠢᠰᠴᠠᠤ ᠪᠠᠷ ᠬᠤᠪᠴᠠᠰᠤ ᠬᠢᠵᠤ ᠡᠮᠤᠰᠬᠦ ᠳᠤᠷᠠᠲᠠᠢ᠃ ᠦᠬᠡᠷ᠎ᠡ ᠬᠤᠷᠴᠠᠯᠢᠭ ᠰᠤᠳᠤᠨ ᠦᠩᠭᠡᠲᠡᠢ ᠡᠳ᠋ ᠪᠠᠷᠠᠭ᠎ᠠ ᠪᠠᠷ ᠴᠦ ᠲᠡᠷᠯᠢᠭ ᠳᠡᠪᠡᠯ ᠬᠢᠵᠤ ᠡᠮᠦᠰᠳᠡᠭ᠃ ᠵᠠᠯᠠᠭᠤ ᠬᠡᠤᠬᠡᠨᠴᠤᠳ ᠪᠤᠯ ᠬᠤᠷᠴᠠ ᠰᠤᠷᠭᠤᠭ ᠰᠤᠳᠤᠨ ᠦᠩᠭᠡ ᠶᠢ ᠡᠷᠬᠢᠮᠯᠡᠨ᠎ᠡ᠃ ᠭᠡᠬᠦ ᠳᠡᠭᠡᠨ ᠤᠯᠠᠭᠠᠨ᠂ ᠰᠢᠷ᠎ᠠ ᠦᠩᠭᠡ ᠶᠢᠨ ᠬᠤᠪᠴᠠᠰᠤ ᠬᠢᠵᠤ ᠡᠮᠦᠰᠬᠦ ᠦᠬᠡᠢ ᠪᠠᠶᠢᠳᠠᠭ᠃     ᠲᠡᠷᠯᠢᠭ     ᠰᠦᠨᠢᠳ ᠪᠦᠰᠡᠬᠦᠶᠢᠴᠤᠳ ᠤᠨ ᠲᠡᠷᠯᠢᠭ ᠪᠤᠯ ᠴᠡᠬᠡᠵᠢ ᠰᠤᠭᠤ ᠨᠢ ᠠᠭᠤᠵᠢᠭᠤ᠂ ᠬᠤᠷᠮᠤᠢ ᠨᠢ ᠨᠠᠯᠠᠭᠠᠷ ᠦᠷᠬᠡᠨ᠂ ᠤᠨᠤᠭᠤ ᠦᠬᠡᠢ ᠪᠠᠶᠢᠵᠤ᠂ ᠤᠯᠠᠨ ᠡᠮᠵᠢᠶᠡᠷᠢ ᠲᠠᠭᠠᠷᠠᠭᠤᠯᠵᠤ ᠮᠠᠰᠢ ᠭᠤᠸ᠎ᠠ ᠦᠵᠡᠰᠬᠦᠯᠡᠩ ᠲᠠᠢ ᠪᠠᠶᠢᠳᠠᠭ ᠠᠵᠠᠢ᠃ ᠦᠩᠭᠡᠷᠡᠭᠰᠡᠨ ᠳᠤ ᠪᠤᠯ ᠨᠢᠳᠤᠷᠭ᠎ᠠ ᠲᠠᠢ ᠪᠠᠶᠢᠵᠤ᠂ ᠡᠮᠡᠭᠲᠡᠢ ᠬᠦᠮᠦᠨ ᠤ ᠲᠡᠷᠯᠢᠭ ᠤᠨ ᠨᠢᠳᠤᠷᠭ᠎ᠠ ᠨᠢ ᠪᠠᠭ᠎ᠠ ᠬᠠᠯᠪᠠᠭᠠᠷ ᠪᠠᠶᠢᠳᠠᠭ᠃ ᠲᠡᠷᠯᠢᠭ ᠤᠨ ᠨᠢᠳᠤᠷᠭ᠎ᠠ ᠶᠢ ᠴᠠᠭᠠᠨ ᠴᠡᠩᠭᠡᠷ᠂ ᠨᠤᠭᠤᠭᠠᠨ ᠳᠤᠷᠳᠤᠩ ᠪᠤᠶᠤ ᠬᠦᠬᠡ ᠲᠤᠷᠭ᠎ᠠ ᠪᠠᠷ ᠬᠢᠳᠡᠭ ᠪᠠᠶᠢᠵᠤ᠂ ᠨᠠᠮᠤᠷ ᠬᠠᠪᠤᠷ ᠤᠨ ᠲᠡᠷᠯᠢᠭ ᠤᠨ ᠨᠢᠳᠤᠷᠭ᠎ᠠ ᠶᠢ ᠬᠠᠷ᠎ᠠ ᠬᠢᠯᠢᠩ ᠪᠠᠷ ᠬᠢᠳᠡᠭ ᠪᠠᠶᠢᠵᠠᠢ᠃ ᠬᠡᠪᠡᠴᠤ ᠪᠤᠢ ᠪᠦᠬᠦᠢ ᠬᠦᠮᠦᠨ ᠪᠤᠯᠭᠠᠨ ᠠᠳᠠᠯᠢᠬᠠᠨ ᠳᠤᠷᠳᠤᠩ᠂ ᠬᠢᠯᠢᠩ ᠨᠢᠳᠤᠷᠭ᠎ᠠ ᠬᠢᠬᠦ ᠪᠢᠰᠢ ᠶᠤᠮ᠃ ᠠᠮᠢᠳᠤᠷᠠᠯ ᠤᠨ ᠪᠠᠶᠠᠨ ᠶᠠᠳᠠᠭᠤ ᠳᠤ ᠰᠢᠯᠲᠠᠭᠠᠯᠠᠭᠳᠠᠵᠤ ᠠᠳᠠᠯᠢ ᠦᠬᠡᠢ ᠪᠠᠶᠢᠵᠤ᠂ ᠪᠠᠶᠠᠨ ᠨᠤᠶᠠᠨ ᠬᠦᠮᠦᠨ ᠤ ᠬᠠᠲᠤᠨ᠂ ᠬᠡᠤᠬᠡᠨ ᠨᠦᠭᠦᠳ ᠪᠤᠯ ᠦᠷᠬᠦᠯᠵᠢ ᠲᠤᠷᠭ᠎ᠠ ᠳᠤᠷᠳᠤᠩ ᠬᠢᠯᠢᠩ ᠡᠳ᠋ᠯᠡᠳᠡᠭ ᠪᠠᠶᠢᠵᠠᠢ᠃     ᠰᠦᠨᠢᠳ ᠡᠮᠡᠭᠲᠡᠶᠢᠴᠤᠳ ᠤᠨ ᠲᠡᠷᠯᠢᠭ ᠨᠢ ᠪᠡᠶ᠎ᠡ ᠴᠤᠭᠴᠠᠰ ᠲᠠᠭᠠᠨ ᠵᠤᠬᠢᠴᠠᠭᠤᠯᠵᠤ ᠬᠢᠳᠡᠭ ᠪᠤᠯᠬᠤᠷ ᠲᠡᠶᠢᠮᠤ ᠡᠯᠪᠡᠭ ᠠᠭᠤᠵᠢᠮ ᠬᠢᠳᠡᠭ ᠦᠬᠡᠢ ᠪᠤᠯᠪᠠᠴᠤ ᠬᠠᠷᠢᠨ ᠬᠠᠨᠴᠤᠢ ᠨᠢ ᠤᠷᠲᠤ ᠪᠠᠶᠢᠳᠠᠭ᠃ ᠡᠩᠭᠡᠷ ᠵᠠᠬ᠎ᠠ᠂ ᠲᠠᠰᠢᠶ᠎ᠠ ᠬᠠᠨᠴᠤᠢ ᠶᠢᠨ ᠡᠮᠵᠢᠶᠡᠷᠢ ᠨᠢ ᠡᠷᠡᠭᠲᠡᠢ ᠬᠦᠮᠦᠨ ᠤ ᠬᠢ ᠲᠠᠢ ᠠᠳᠠᠯᠢᠬᠠᠨ ᠪᠠᠶᠢᠵᠤ᠂ ᠵᠦᠪᠬᠡᠨ ᠨᠠᠰᠤ ᠵᠢᠯ᠂ ᠠᠵᠢᠯ ᠲᠦᠷᠦᠯ᠂ ᠴᠠᠭ ᠤᠯᠠᠷᠢᠯ ᠳᠤ ᠵᠤᠬᠢᠴᠠᠭᠤᠯᠤᠨ ᠬᠢᠴᠠ ᠶᠠᠩᠵᠤ ᠨᠢ ᠠᠳᠠᠯᠢ ᠦᠬᠡᠢ ᠲᠡᠳᠤᠢ ᠯᠡ ᠪᠠᠶᠢᠳᠠᠭ᠃ ᠵᠠᠰᠠᠯ ᠭᠤᠶᠤᠯᠠᠯ ᠤᠨ ᠬᠤᠪᠴᠠᠰᠤ ᠶᠢ ᠲᠤᠷᠭ᠎ᠠ ᠳᠤᠷᠳᠤᠩ᠂ ᠳᠤᠷᠳᠤᠩ ᠴᠢᠰᠴᠠᠤ ᠪᠠᠷ ᠬᠢᠵᠤ᠂ ᠡᠩ ᠤᠨ ᠬᠤᠪᠴᠠᠰᠤ ᠶᠢ ᠳᠠᠪᠤᠤ ᠳᠠᠯᠢᠩᠪᠤᠤ ᠪᠠᠷ ᠬᠢᠳᠡᠭ᠃     ᠳᠡᠪᠡᠯ     ᠰᠦᠨᠢᠳ ᠪᠦᠰᠡᠬᠦᠶᠢᠴᠤᠳ ᠪᠤᠯ ᠡᠪᠤᠯ ᠳᠡᠭᠡᠨ ᠦᠵᠦᠬᠦᠷᠰᠦᠨ ᠳᠡᠪᠡᠯ ᠪᠠ ᠬᠤᠷᠠᠭᠠᠨ ᠳᠡᠪᠡᠯ ᠡᠮᠦᠰᠦᠨ᠎ᠡ᠃ ᠭᠡᠷ ᠳᠡᠭᠡᠨ ᠪᠤᠯ ᠲᠡᠷᠯᠢᠭ ᠡᠮᠦᠰᠬᠦ ︵ᠬᠦᠪᠦᠩᠲᠡᠢ ᠪᠤᠶᠤ ᠳᠠᠪᠬᠤᠷ ᠲᠡᠷᠯᠢᠭ︶ ᠪᠦᠬᠡᠳ ᠮᠠᠯ ᠬᠠᠷᠢᠭᠤᠯᠵᠤ ᠶᠠᠪᠤᠬᠤ ᠪᠤᠶᠤ ᠭᠠᠳᠠᠭᠰᠢ ᠶᠠᠭᠤᠮᠠᠨ ᠳᠤ ᠶᠠᠪᠤᠪᠠᠯ ᠦᠵᠦᠬᠦᠷᠰᠦᠨ ᠳᠡᠪᠡᠯ᠂ ᠬᠤᠷᠠᠭᠠᠨ ᠳᠡᠪᠡᠯ ᠢ ᠴᠠᠭ ᠠᠭᠤᠷ ᠲᠤ ᠨᠢ ᠲᠤᠬᠢᠷᠠᠭᠤᠯᠤᠨ ᠡᠮᠦᠰᠦᠨ᠎ᠡ᠃ ᠦᠩᠭᠡ ᠴᠠᠭᠠᠨ ᠨᠡᠬᠡᠢ ᠳᠡᠪᠡᠯ᠂ ᠭᠠᠳᠠᠷ ᠲᠠᠢ ᠨᠡᠬᠡᠢ ᠳᠡᠪᠡᠯ ᠡᠮᠦᠰᠬᠦ ᠨᠢ ᠲᠤᠩ ᠴᠦᠬᠡᠨ ᠪᠠᠶᠢᠵᠤ᠂ ᠠᠵᠤ ᠠᠮᠢᠳᠤᠷᠠᠯ ᠨᠢ ᠶᠠᠳᠠᠭᠤ ᠪᠤᠶᠤ ᠤᠨᠴᠠ ᠵᠤᠳ ᠰᠢᠭᠤᠷᠭᠠᠨ ᠳᠤ ᠪᠤᠯ ᠡᠮᠦᠰᠴᠤ ᠶᠠᠪᠤᠬᠤ ᠴᠦ ᠪᠤᠢ᠃     ᠡᠩ ᠤᠨ ᠳᠡᠪᠡᠯ ᠢᠶᠠᠨ ᠮᠦᠨ ᠴᠡᠩᠭᠡᠷ᠂ ᠬᠠᠷ᠎ᠠ ᠦᠩᠭᠡ ᠲᠠᠢ ᠳᠠᠪᠤᠤ ᠳᠠᠯᠢᠩᠪᠤᠤ ᠪᠠᠷ ᠭᠠᠳᠠᠷᠯᠠᠵᠤ ᠭᠤᠷᠪᠠ ᠡᠮᠵᠢᠨ᠎ᠡ᠃ ᠡᠮᠡᠭᠲᠡᠢ ᠬᠦᠮᠦᠨ ᠤ ᠲᠡᠷᠯᠢᠭ ᠳᠡᠪᠡᠯ ᠢ ᠨᠠᠰᠤᠲᠠᠢ ᠬᠦᠭᠰᠢᠨ ᠬᠦᠮᠦᠨ ᠢ ᠭᠠᠷᠭᠠᠪᠠᠯ ᠪᠦᠷ ᠭᠤᠷᠪᠠ ᠪᠤᠶᠤ ᠳᠦᠷᠪᠡ ᠡᠮᠵᠢᠨ᠎ᠡ᠃ ᠡᠮᠵᠢᠶᠡᠷᠢ ᠶᠢ ᠨᠢ ᠬᠤᠪᠴᠠᠰᠤᠨ ᠤ ᠪᠠᠨ ᠦᠩᠭᠡ ᠭᠠᠳᠠᠷ ᠲᠤᠨᠢ ᠲᠤᠬᠢᠷᠠᠭᠤᠯᠤᠨ ᠰᠤᠩᠭᠤᠵᠤ ᠬᠡᠷᠡᠭᠯᠡᠨ᠎ᠡ᠃     ᠵᠠᠰᠠᠯ ᠭᠤᠶᠤᠯᠠᠯ ᠤᠨ ᠳᠡᠪᠡᠯ ᠢ ᠭᠤᠤᠯᠳᠠᠭᠤ ᠬᠤᠷᠠᠭᠠᠨ ᠠᠷᠠᠰᠤ ᠪᠠᠷ ᠬᠢᠳᠡᠭ᠃ ᠲᠤᠷᠭ᠎ᠠ ᠳᠤᠷᠳᠤᠩ᠂ ᠬᠤᠷᠭᠤᠢ ᠴᠢᠰᠴᠠᠤ ᠪᠠᠷ ᠭᠠᠳᠠᠷᠯᠠᠵᠤ᠂ ᠪᠠᠶᠠᠷ ᠨᠠᠭᠠᠳᠤᠮ ᠪᠠ ᠬᠤᠷᠢᠮ ᠨᠠᠶᠢᠷ᠂ ᠴᠠᠭᠠᠨ ᠰᠠᠷ᠎ᠠ ᠡᠮᠦᠰᠦᠨ᠎ᠡ᠃     ᠰᠦᠨᠢᠳ ᠪᠦᠰᠡᠭᠦᠶᠢᠴᠦᠳ ᠲᠡᠷᠯᠢᠭ ᠳᠡᠪᠡᠯ ᠡᠮᠦᠰᠬᠦ ᠳᠡᠭᠡᠨ ᠪᠦᠰᠡ ᠪᠠᠨ ᠴᠢᠩᠭ᠎ᠠ ᠦᠷᠬᠡᠨ ᠤᠷᠢᠶᠠᠵᠤ ᠪᠦᠰᠡᠯᠡᠨ᠎ᠡ᠃ ᠡᠬᠡᠨᠡᠷ ᠬᠦᠮᠦᠨ ᠭᠡᠷ ᠵᠠᠭᠤᠷ᠎ᠠ ᠨᠦᠮᠦᠬᠡᠨ ᠶᠠᠪᠤᠳᠠᠭ ᠪᠠᠶᠢᠵᠠᠢ᠃     ᠤᠤᠵᠢ     ᠰᠦᠨᠢᠳ ᠡᠮᠡᠭᠲᠡᠶᠢᠴᠤᠳ ᠤᠨ ᠭᠤᠶᠤᠯᠠᠯ ᠵᠠᠰᠠᠯ ᠳᠤ ᠡᠮᠦᠰᠳᠡᠭ ᠬᠤᠪᠴᠠᠰᠤᠨ ᠳᠤ ᠤᠷᠲᠤ ᠤᠤᠵᠢ᠂ ᠪᠤᠭᠤᠨᠢ ᠤᠤᠵᠢ ᠭᠡᠵᠤ ᠬᠤᠶᠠᠷ ᠵᠤᠶᠢᠯ ᠤᠨ ᠬᠢᠴᠡ ᠲᠠᠢ ᠤᠤᠵᠢ ᠪᠠᠶᠢᠳᠠᠭ᠃ ᠰᠦᠨᠢᠳ ᠤᠤᠵᠢ ᠪᠤᠯ ᠬᠠᠨᠴᠤᠢ ᠦᠬᠡᠢ ᠡᠮᠦᠨ᠎ᠡ ᠪᠠᠨ ᠰᠢᠯᠤᠭᠤᠨ ᠡᠩᠭᠡᠷ ᠲᠠᠢ᠂ ᠭᠤᠶᠤ ᠰᠠᠶᠢᠬᠠᠨ ᠳᠤᠷᠳᠤᠩ ᠲᠤᠷᠭ᠎ᠠ ᠪᠠᠷ ᠬᠢᠵᠤ᠂ ᠮᠦᠩᠭᠦᠨ ᠲᠤᠪᠴᠢ᠂ ᠠᠯᠲᠠᠨ ᠰᠠ ᠰᠢᠯᠪᠢ ᠬᠠᠳᠠᠵᠤ᠂ ᠭᠤᠶᠤ ᠤᠷᠠᠯᠠᠵᠤ ᠤᠶᠤᠳᠠᠭ᠃ ᠰᠦᠨᠢᠳ ᠲᠤ ᠤᠤᠵᠢ ᠶᠢ ᠡᠬᠡᠨᠡᠷ ᠬᠦᠮᠦᠨ ᠡᠮᠦᠰᠬᠦ ᠠᠴᠠ ᠪᠢᠰᠢ ᠬᠡᠤᠬᠡᠨ ᠬᠦᠮᠦᠨ ᠡᠮᠦᠰᠳᠡᠭ ᠦᠬᠡᠢ ᠶᠤᠰᠤ ᠲᠠᠢ᠃     ᠰᠦᠨᠢᠳ ᠤᠨ ᠡᠮᠡᠭᠲᠡᠶᠢᠴᠤᠳ ᠡᠩ ᠤᠨ ᠴᠠᠭ ᠲᠤ ᠪᠤᠭᠤᠨᠢ ᠤᠤᠵᠢ ᠡᠮᠤᠰᠴᠤ᠂ ᠨᠠᠶᠢᠷ ᠬᠤᠷᠢᠮ ᠪᠠ ᠵᠢᠯ ᠴᠠᠭᠠᠨ ᠰᠠᠷ᠎ᠠ ᠳᠤ ᠵᠤᠴᠢᠨ ᠤᠭᠲᠤᠬᠤ ᠶᠤᠰᠤᠯᠠᠯ ᠤᠨ ᠬᠤᠪᠴᠠᠰᠤᠨ ᠳᠤ ᠤᠷᠲᠤ ᠤᠤᠵᠢ ᠡᠮᠦᠰᠴᠤ᠂ ᠲᠤᠯᠤᠭᠠᠢ ᠶᠢᠨ ᠵᠠᠰᠠᠯ ᠬᠡᠷᠡᠭᠰᠡᠯ ᠢᠶᠠᠨ ᠪᠦᠷᠢᠨ ᠵᠡᠬᠦᠬᠦ ᠬᠡᠷᠡᠭᠲᠡᠢ᠃ ᠡᠶᠢᠮᠤ ᠠᠴᠠ ᠤᠤᠵᠢ ᠨᠢ ᠬᠤᠪᠴᠠᠰᠤᠨ ᠤ ᠭᠠᠳᠠᠭᠤᠷ ᠡᠮᠦᠰᠳᠡᠭ ᠡᠬᠡᠨᠡᠷ ᠬᠦᠮᠦᠨ ᠤ ᠬᠠᠮᠤᠭ ᠭᠤᠶᠤ ᠭᠠᠩᠭᠠᠩ ᠵᠠᠰᠠᠯ ᠶᠤᠰᠤᠯᠠᠯ ᠤᠨ ᠬᠤᠪᠴᠠᠰᠤᠨ ᠳᠤ ᠲᠤᠭᠠᠴᠠᠭᠳᠠᠨ᠎ᠠ᠃     ᠠᠯᠴᠢᠭᠤᠷ     ᠰᠦᠨᠢᠳ ᠪᠦᠰᠡᠭᠦᠶᠢᠴᠤᠳ ᠵᠢᠯ ᠤᠨ ᠳᠦᠷᠪᠡᠨ ᠤᠯᠠᠷᠢᠯ ᠳᠤ ᠴᠠᠭᠠᠨ ᠳᠤᠷᠳᠤᠩ ᠠᠯᠴᠢᠭᠤᠷ ᠢᠶᠠᠷ ᠲᠤᠯᠤᠭᠠᠢ ᠪᠠᠨ ᠤᠷᠢᠶᠠᠵᠤ ᠶᠠᠪᠤᠳᠠᠭ ᠵᠠᠩᠰᠢᠯ ᠲᠠᠢ᠃ ᠴᠠᠭᠠᠨ ᠳᠤᠷᠳᠤᠩ ᠬᠤᠪᠤᠷ ᠪᠤᠯ ᠶᠠᠭᠠᠨ ᠳᠤᠷᠳᠤᠩ ᠠᠯᠴᠢᠭᠤᠷ ᠤᠷᠢᠶᠠᠨ᠎ᠠ᠃ ᠨᠠᠰᠤᠲᠠᠶᠢᠴᠤᠳ ᠴᠠᠭᠠᠨ ᠳᠤᠷᠳᠤᠩ ᠠᠯᠴᠢᠭᠤᠷ ᠤᠷᠢᠶᠠᠵᠤ᠂ ᠵᠠᠯᠠᠭᠤ ᠬᠡᠤᠬᠡᠨᠴᠤᠳ ᠪᠦᠷ ᠴᠠᠭᠠᠨ ᠳᠤᠷᠳᠤᠩ ᠠᠯᠴᠢᠭᠤᠷ ᠬᠡᠷᠡᠭᠯᠡᠨ᠎ᠡ᠃ ᠵᠠᠰᠠᠯ ᠭᠤᠶᠤᠯᠠᠯ ᠤᠨ ᠦᠶ᠎ᠡ ᠳᠤ ᠴᠠᠭᠠᠨ ᠳᠤᠷᠳᠤᠩ ᠠᠯᠴᠢᠭᠤᠷ ᠤᠨ  ᠢᠶᠠᠨ ᠬᠤᠶᠠᠷ ᠦᠵᠦᠬᠦᠷ ᠤᠨ ᠬᠦᠪᠡᠭᠡ ᠪᠠᠷ ᠦᠩᠭᠡ ᠦᠩᠭᠡ ᠶᠢᠨ ᠲᠤᠷᠭᠠᠨ ᠤᠳᠠᠰᠤ ᠪᠠᠷ ᠰᠢᠳᠤ ᠬᠠᠳᠬᠤᠵᠤ ᠤᠷᠠᠯᠠᠨ ᠤᠶᠤᠵᠤ ᠬᠡᠷᠡᠭᠯᠡᠨ᠎ᠡ᠃     ᠡᠪᠤᠯ ᠤᠨ ᠴᠠᠭ ᠮᠠᠯ ᠬᠤᠢ ᠳᠤ ᠶᠠᠪᠤᠬᠤ᠂ ᠭᠠᠳᠠᠭᠰᠢ ᠠᠵᠢᠯ ᠳᠤ ᠶᠠᠪᠤᠪᠠᠯ ᠦᠨᠡᠬᠡᠨ ᠶᠦᠳᠡᠩ ᠮᠠᠯᠠᠭᠠᠢ ᠡᠮᠦᠰᠦᠨ᠎ᠡ᠃ ᠦᠩᠭᠡᠷᠡᠭᠰᠡᠨ ᠳᠤ ᠶᠡᠭᠡ ᠬᠤᠷᠢᠮ ᠨᠠᠶᠢᠷ ᠲᠤ ᠪᠤᠯ ᠡᠬᠡᠨᠡᠷ ᠬᠦᠮᠦᠨ ᠶᠤᠰᠤᠯᠠᠯ ᠤᠨ ᠬᠤᠪᠴᠠᠰᠤ ᠡᠳ᠋ᠯᠡᠯ ᠤᠨ ᠬᠤᠪᠢ ᠳᠤ ᠦᠬᠡᠳᠡᠩ ᠮᠠᠯᠠᠭᠠᠢ ᠡᠮᠦᠰᠬᠦ ᠴᠦ ᠪᠤᠢ᠃ ᠡᠩ ᠤᠨ ᠴᠠᠭ ᠲᠤ ᠬᠦᠭᠰᠢᠨ ᠵᠠᠯᠠᠭᠤ ᠦᠬᠡᠢ ᠠᠯᠴᠢᠭᠤᠷ ᠤᠷᠢᠶᠠᠬᠤ ᠵᠠᠩᠰᠢᠯ ᠲᠠᠢ᠃ᠭᠤᠲᠤᠯ ᠤᠶᠢᠮᠤᠰᠤ     ᠰᠦᠨᠢᠳ ᠪᠦᠰᠡᠭᠦᠶᠢᠴᠤᠳ ᠰᠢᠷ᠎ᠠ ᠵᠤᠯᠤᠭ ᠲᠠᠢ᠂ ᠬᠡ ᠤᠭᠠᠯᠵᠠ ᠤᠷᠢᠶᠠᠭᠰᠠᠨ ᠡᠭᠡᠳᠡᠨ ᠬᠤᠩᠰᠢᠶᠠᠷ ᠲᠠᠢ ᠮᠤᠩᠭᠤᠯ ᠭᠤᠲᠤᠯ ᠬᠢᠵᠤ ᠡᠮᠦᠰᠦᠨ᠎ᠡ᠃ ᠵᠤᠯᠤᠭ ᠲᠦᠷᠡᠢ ᠳᠡᠭᠡᠷ᠎ᠡ ᠨᠢ ᠬᠡ ᠤᠭᠠᠯᠵᠠ ᠤᠷᠢᠶᠠᠵᠤ ᠶᠡᠭᠡ ᠭᠤᠶᠤᠮᠰᠤᠭ ᠬᠢᠳᠡᠭ ᠪᠠᠶᠢᠵᠤ᠂ ᠢᠰᠡᠬᠡᠢ ᠰᠢᠷᠢᠮᠡᠯ ᠤᠶᠢᠮᠤᠰᠤ ᠬᠢᠵᠤ᠂ ᠳᠡᠭᠡᠳᠤ ᠬᠦᠪᠡᠭᠡ ᠶᠢ ᠨᠢ ᠳᠤᠷᠳᠤᠩ ᠲᠤᠷᠭ᠎ᠠ ᠪᠠᠷ ᠡᠮᠵᠢᠵᠤ᠂ ᠦᠯᠵᠡᠢ ᠤᠲᠠᠰᠤ ᠭᠠᠷᠭᠠᠵᠤ ᠭᠤᠶᠤᠯᠠᠳᠠᠭ ᠪᠠᠶᠢᠵᠠᠢ᠃ ᠦᠩᠭᠡᠷᠡᠭᠰᠡᠨ ᠳᠤ ᠵᠢᠯ ᠤᠨ ᠳᠦᠷᠪᠡᠨ ᠤᠯᠠᠷᠢᠯ ᠳᠤ ᠪᠦᠷ ᠡᠭᠡᠳᠡᠨ ᠪᠤᠯᠢᠭᠠᠷᠢᠨ ᠭᠤᠲᠤᠯ ᠡᠮᠦᠰᠴᠤ ᠶᠠᠪᠤᠳᠠᠭ ᠪᠠᠶᠢᠵᠠᠢ᠃
 
ᠢᠷᠡᠯᠲᠡ᠄ ᠰᠦᠨᠢᠳ ᠤᠨ ᠵᠠᠩ ᠠᠭᠠᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号