ᠮᠠᠯ ᠰᠡᠲᠡᠷᠯᠡᠬᠦ
ᠨᠡᠶᠢᠲᠡᠯᠡᠭᠰᠡᠨ ᠴᠠᠭ᠄
2024/6/18
     ᠰᠦᠨᠢᠳᠴᠦᠳ᠂ ᠮᠠᠯ ᠢᠶᠠᠨ ᠲᠡᠭᠷᠢ᠂ ᠤᠳᠤᠨ᠂ ᠭᠠᠯ᠂ ᠪᠤᠷᠬᠠᠨ᠂ ᠤᠪᠤᠭᠠᠨ ᠳᠤ ᠰᠡᠲᠡᠷᠯᠡᠬᠦ ᠵᠠᠩ ᠦᠢᠯᠡ  ᠲᠠᠢ᠃ ᠲᠠᠪᠤᠨ ᠬᠤᠰᠢᠭᠤ ᠮᠠᠯ ᠳᠤ ᠲᠤᠰ ᠲᠤᠰ ᠲᠤᠨᠢ ᠰᠡᠳᠡᠷ ᠲᠠᠢ ᠪᠠᠶᠢᠵᠤ᠂ ᠬᠤᠨᠢ ᠶᠢ ᠤᠳᠤᠨ ᠤ ᠰᠡᠳᠡᠷ᠂ ᠠᠳᠤᠭᠤ ᠶᠢ ᠯᠾᠠᠮᠤ ᠪᠤᠷᠬᠠᠨ ᠤ ᠰᠡᠲᠡᠷ᠂ ᠦᠬᠡᠷ ᠢ ᠴᠠᠭᠠᠨ ᠡᠪᠦᠬᠡᠨ ᠤ ᠰᠡᠲᠡᠷ᠂ ᠲᠡᠮᠡᠭᠡ ᠶᠢ ᠬᠦᠩᠵᠤᠯᠾᠠᠮᠤ ᠶᠢᠨ ᠰᠡᠲᠡᠷ᠂ ᠢᠮᠠᠭ᠎ᠠ ᠶᠢ ᠮᠠᠨᠢ ᠶᠢᠨ ᠰᠡᠳᠡᠷ ︵ᠤᠯᠠᠭᠠᠨ ᠢᠮᠠᠭ᠎ᠠ ᠰᠡᠲᠡᠷᠯᠡᠨ᠎ᠡ︶ ᠬᠡᠵᠤ ᠢᠯᠭᠠᠭ᠎ᠠ ᠲᠠᠢ ᠰᠡᠲᠡᠷᠯᠡᠳᠡᠭ ᠪᠦᠭᠡᠳ ᠲᠡᠭᠷᠢ᠂ ᠤᠳᠤᠨ᠂ ᠭᠠᠯ᠂ ᠤᠪᠤᠭᠠᠨ ᠳᠤ ᠰᠡᠲᠡᠷᠯᠡᠳᠡᠭ ᠪᠠᠶᠢᠵᠠᠢ᠃ ᠰᠡᠲᠡᠷᠯᠡᠬᠦ ᠮᠠᠯ ᠤᠨ ᠬᠦᠵᠦᠬᠦᠨ ᠳᠤ ᠦᠩᠭᠡ ᠪᠦᠷᠢ ᠶᠢᠨ ᠲᠤᠷᠭ᠎ᠠ ᠲᠤᠷᠳᠤᠩ ᠤᠨ ᠦᠬᠡᠳᠡᠰᠤ ᠤᠶᠠᠵᠤ ᠬᠢᠭᠰᠡᠨ ᠬᠦᠵᠦᠬᠦᠪᠴᠢ ᠬᠢᠵᠤ᠂ ᠲᠠᠪᠤᠨ ᠬᠤᠰᠢᠭᠤ ᠮᠠᠯ ᠢᠶᠠᠨ ᠦᠷᠡᠵᠢᠨ ᠦᠰᠬᠦ ᠶᠢ ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠪᠤᠷᠬᠠᠳ ᠢᠶᠠᠨ ᠰᠢᠲᠦᠬᠦ  ᠳᠡᠭᠡᠨ᠂ ᠠᠪᠳᠠᠷ᠎ᠠ ᠳᠡᠭᠡᠷ᠎ᠡ ᠪᠠᠨ ᠬᠦᠵᠢ ᠵᠤᠯᠠ ᠠᠰᠠᠭᠠᠵᠤ᠂ ᠰᠡᠬᠦᠯ ᠱᠠᠭᠠᠨᠲᠤ ᠶᠢᠨ ᠮᠢᠬᠠᠨ ᠢᠳᠡᠭᠡᠨ᠂ ᠬᠠᠭᠠᠷᠢᠭᠰᠠᠨ ᠪᠤᠤᠪᠤ᠂ ᠴᠠᠭᠠᠨ ᠢᠳᠡᠭᠡ ᠲᠦᠭᠦᠷᠳᠡᠯ᠎ᠡ ᠦᠷᠦᠵᠤ ᠲᠠᠯᠪᠢᠳᠠᠭ ᠶᠤᠮ᠃ ᠰᠠᠭᠠᠬᠠᠯᠲᠠ ᠶᠢᠨ ᠠᠶᠢᠯ ᠤᠨ ᠬᠢᠨᠢ ᠪᠦᠷ ᠢᠷᠡᠵᠤ ᠤᠷᠤᠯᠴᠠᠳᠠᠭ ᠪᠠᠶᠢᠨ᠎ᠠ᠃
 
ᠢᠷᠡᠯᠲᠡ᠄ ᠰᠦᠨᠢᠳ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号