ᠰᠦᠨᠢᠳᠴᠤᠳ ᠮᠠᠯ ᠳᠠᠷᠬᠠᠯᠠᠬᠤ ᠳᠠᠭᠠᠨ ᠤᠳᠤᠮ ᠤᠭᠰᠠᠭ᠎ᠠ ᠰᠠᠶᠢᠨ᠂ ᠦᠷ᠎ᠡ ᠲᠦᠯ ᠰᠠᠶᠢᠲᠠᠢ᠂ ᠡᠬᠡ ᠮᠠᠯ᠂ | ᠤᠷᠭ᠎ᠠ ᠶᠢᠨ ᠮᠤᠷᠢ᠂ ᠤᠷᠤᠯᠳᠤᠭᠠᠨ ᠮᠤᠷᠢ᠂ ᠰᠠᠶᠢᠨ ᠠᠵᠢᠷᠭ᠎ᠠ᠂ ᠤᠳᠠᠭᠠᠨ ᠵᠢᠯ ᠡᠳ᠋ᠯᠡᠭᠰᠡᠨ ᠠᠷᠠᠯ ᠤᠨ ᠱᠠᠷ᠂ | ᠬᠠᠶᠢᠷᠠᠲᠠᠢ ᠮᠠᠯ᠂ ᠡᠩᠭᠦᠷᠡᠢ ᠬᠡᠤᠬᠡᠳ ᠲᠤ ᠦᠭᠬᠦᠭᠰᠡᠨ ᠮᠠᠯ ᠵᠡᠷᠭᠡ ᠬᠠᠮᠤᠭ ᠤᠨ ᠬᠠᠶᠢᠷᠠᠲᠠᠢ ᠮᠠᠯ ᠢᠶᠠᠨ ᠬᠡᠵᠢᠶᠡᠳᠡ | ᠤᠩᠭᠤᠨ ᠳᠠᠷᠬᠠᠨ ᠪᠠᠶᠢᠯᠭᠠᠵᠤ᠂ ᠠᠯᠠᠵᠤ ᠨᠢᠳᠤᠯᠠᠬᠤ ᠦᠬᠡᠢ᠂ ᠬᠤᠳᠠᠯᠳᠤᠬᠤ ᠦᠬᠡᠢ᠂ ᠬᠠᠷᠢᠶᠠᠵᠤ ᠵᠤᠳᠤᠬᠤ ᠶᠢ | ᠴᠡᠭᠡᠷᠯᠡᠵᠤ᠂ ᠡᠬᠡ ᠪᠠᠶᠢᠭᠠᠯᠢ ᠳᠤᠨᠢ ᠠᠶᠠᠨᠳᠠᠭᠠᠨ ᠪᠠᠶᠢᠯᠭᠠᠵᠤ᠂ ᠦᠳᠡᠯᠤᠵᠤ ︵ᠵᠢᠰᠢᠵᠣ︶ ᠦᠬᠦᠲᠡᠯ᠎ᠡ ᠠᠷᠠᠴᠢᠯᠠᠨ᠎ᠠ᠂ | ᠬᠡᠷᠪᠡ ᠳᠠᠷᠬᠠᠯᠠᠭᠰᠠᠨ ᠠᠳᠤᠭᠤ ᠮᠠᠯ ᠦᠬᠦᠪᠡᠯ ᠲᠤᠯᠤᠭᠠᠢ ᠳᠡᠭᠡᠷ᠎ᠡ ᠨᠢ ᠴᠢᠯᠠᠭᠤ ᠬᠤᠮᠤᠯ ᠤᠪᠤᠭᠠᠯᠠᠵᠤ ᠦᠨᠳᠦᠷ | ᠭᠠᠵᠠᠷ ᠲᠠᠯᠪᠢᠵᠤ ᠲᠠᠬᠢᠳᠠᠭ᠃ |