ᠱᠠᠬᠳᠠᠷ
ᠨᠡᠶᠢᠲᠡᠯᠡᠭᠰᠡᠨ ᠴᠠᠭ᠄
2013/7/2
             ᠱᠠᠬᠳᠠᠷ      ᠱᠠᠬᠳᠠᠷ᠂ ᠡᠷᠡᠭᠳᠠᠢ᠂ ᠮᠣᠩᠭᠤᠯ ᠦᠨᠳᠣᠰᠦᠳᠠᠨ᠂ ᠰᠦᠨᠢᠳ ᠵᠡᠬᠦᠨ ᠬᠤᠰᠢᠭᠤᠨ ᠤ ᠬᠤᠩᠭᠤᠷ ᠰᠣᠮᠣᠨ ᠤ ᠬᠦᠬᠡ ᠣᠰᠣ ᠪᠠᠷ ᠨᠣᠳᠤᠭ ᠲᠠᠢ᠃ 1975 ᠣᠨ ᠳᠤ ᠨᠠᠰᠣ ᠪᠠᠷᠠᠪᠠ᠃      ᠱᠠᠬᠳᠠᠷ ᠨᠦᠬᠦᠷ ᠪᠣᠯ ᠭᠠᠷᠮᠠᠭᠠᠢ ᠠᠳᠣᠭᠤᠴᠢᠨ ᠪᠠᠶᠢᠵᠣ᠂ ᠮᠠᠯ ᠤᠨ ᠬᠢᠵᠢᠭ ᠬᠡᠮ ᠢ ᠰᠠᠶᠢᠨ ᠡᠮᠴᠢᠯᠡᠵᠣ ᠵᠠᠰᠠᠳᠠᠭ ᠪᠦᠬᠡᠳ ᠣᠨᠴᠠᠭᠠᠶᠢᠯᠠᠨ ᠠᠳᠣᠭᠤᠨ ᠤ ᠡᠪᠡᠳᠴᠢᠨ ᠬᠡᠮ ᠢ ᠰᠠᠶᠢᠨ ᠵᠠᠰᠠᠳᠠᠭ ᠮᠡᠷᠬᠡᠵᠢᠯᠳᠠᠨ ᠪᠠᠶᠢᠵᠠᠢ᠃ ᠱᠠᠬᠳᠠᠷ ᠨᠦᠬᠦᠷ ᠵᠢᠯ ᠤᠨ ᠲᠦᠷᠪᠡᠨ ᠣᠯᠠᠷᠢᠯ ᠳᠤ ᠬᠠᠯᠠᠭᠤᠨ ᠳᠤ ᠬᠠᠯᠠᠵᠣ᠂ ᠬᠦᠢᠳᠡᠨ ᠳᠤ ᠳᠠᠭᠠᠷᠠᠵᠣ᠂ ᠮᠠᠯᠵᠢᠯᠭ᠎ᠠ   ᠶᠢᠨ ᠠᠷᠭ᠎ᠠ ᠳᠣᠷᠰᠢᠯᠭ᠎ᠠ ᠶᠢ ᠬᠤᠷᠠᠮᠳᠣᠭᠤᠯᠵᠣ᠂ ᠮᠠᠯ ᠰᠦᠷᠦᠭ ᠢᠶᠠᠨ ᠦᠨᠢᠷ ᠦᠰᠬᠡᠭᠰᠡᠨ ᠠᠴᠠ ᠭᠤᠷᠪᠠᠨ ᠭᠠᠩ ᠳᠣᠯᠭ᠎ᠠ ᠬᠢᠭᠰᠡᠨ ᠠᠶᠢᠯ ᠪᠢᠯᠡ᠃ ᠮᠣᠩᠭᠤᠯᠴᠣᠳ ᠦᠩᠬᠡᠷᠡᠭᠰᠡᠨ ᠳᠤ ᠮᠠᠯ ᠨᠢ ᠲᠦᠮᠡᠨ ᠳᠣᠯᠣᠭᠠᠢ  ᠳᠤ ᠬᠦᠷᠪᠡᠯ ᠨᠢᠬᠡ ᠭᠠᠩ ᠳᠣᠯᠭ᠎ᠠ ᠬᠢᠵᠣ ᠮᠠᠯ ᠤᠨ ᠦᠨᠢᠷ ᠦᠰᠦᠯᠳᠠ ᠶᠢ ᠪᠡᠯᠬᠡᠳᠡᠵᠣ᠂ ᠮᠠᠯ ᠢᠶᠠᠷ ᠢᠶᠠᠨ ᠪᠣᠶᠠᠨ ᠬᠤᠷᠣᠶᠢᠯᠡᠨ ᠳᠠᠭᠤᠳᠠᠳᠠᠭ ᠰᠠᠶᠢᠬᠠᠨ ᠵᠠᠩ ᠵᠠᠩᠰᠢᠯ ᠲᠠᠢ ᠪᠠᠶᠢᠬᠰᠠᠨ ᠪᠢᠯᠡ᠃ ᠡᠬᠦᠨ ᠠᠴᠠ ᠦᠵᠡᠬᠦ ᠳᠤ ᠱᠠᠬᠳᠠᠷ  ᠤᠨ ᠬᠢᠨ ᠮᠠᠯ ᠤᠨ ᠳᠤᠭ᠎ᠠ ᠳᠣᠯᠣᠭᠠᠢ ᠭᠤᠷᠪᠠᠨ ᠲᠦᠮᠡ ᠶᠢ ᠳᠠᠪᠠᠭᠰᠠᠨ ᠳᠡᠣᠬᠡ ᠲᠠᠢ ᠶᠤᠮ ᠬᠡᠨ᠎ᠡ᠃      ᠴᠠᠭᠠᠨ᠋ᠣᠪᠣᠭ᠎ᠠ ᠳᠠᠯᠠᠪᠠᠢ ᠶᠢ ᠠᠩᠬ᠎ᠠ ᠪᠠᠶᠢᠭᠤᠯᠬᠤ ᠳᠤ ᠡᠳᠡᠨ ᠤ ᠬᠢᠨ ᠭᠤᠣᠯ ᠡᠷᠦᠬᠡ ᠶᠢᠨ ᠨᠢᠬᠡ ᠨᠢ ᠪᠣᠯᠵᠣ᠂ 695 ᠳᠣᠯᠣᠭᠠᠢ ᠠᠳᠣᠭᠤ᠂ 231 ᠳᠣᠯᠣᠭᠠᠢ ᠦᠬᠡᠷ᠂ 174 ᠳᠡᠮᠡᠭᠡ᠂ 1782 ᠳᠣᠯᠣᠭᠠᠢ ᠬᠤᠨᠢ᠂ 72 ᠳᠣᠯᠣᠭᠠᠢ ᠢᠮᠠᠭ᠎ᠠ᠂ ᠨᠡᠶᠢᠳᠡ 2954 ᠳᠣᠯᠣᠭᠠᠢ ᠮᠠᠯ ᠢᠶᠠᠷ ᠪᠡᠯᠡ ᠣᠷᠣᠭᠤᠯᠵᠣ᠂ ᠬᠤᠷᠰᠢᠬᠰᠠᠨ ᠮᠠᠯ ᠤᠨ ᠳᠠᠯᠡᠪᠠᠢ  ᠶᠢ ᠪᠠᠶᠢᠭᠤᠯᠬᠤ ᠳᠤ ᠶᠡᠬᠡᠬᠡᠨ ᠬᠤᠪᠢ ᠨᠡᠮᠡᠷᠢ ᠦᠵᠡᠬᠦᠯᠦᠭᠰᠡᠨ ᠵᠢᠳᠬᠦᠯᠳᠠᠢ ᠪᠠᠶᠠᠨ ᠮᠠᠯᠴᠢᠨ ᠶᠤᠮ᠃
 
ᠢᠷᠡᠯᠲᠡ᠄ ︽ᠰᠦᠨᠢᠳ ᠵᠡᠬᠦᠨ ᠬᠤᠰᠢᠭᠤᠨ ᠤ ᠨᠡᠷᠡᠳᠣ ᠴᠣᠣᠳᠣ ᠬᠦᠮᠥᠰ ᠤᠨ ᠴᠠᠳᠢᠭ︾ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号