ᠳ᠋ᠠ ᠯᠦ ᠨᠠᠭᠠᠳᠬᠤ
ᠨᠡᠶᠢᠲᠡᠯᠡᠭᠰᠡᠨ ᠴᠠᠭ᠄
2020/5/29
        ᠳ᠋ᠠ ᠯᠦ ᠲᠤᠭᠯᠠᠭᠠᠮ ᠪᠣᠯ ᠰᠦᠨᠢᠳᠴᠤᠳ ᠤᠨ ᠦᠷᠭᠦᠯᠵᠢ ᠨᠠᠭᠠᠳᠬᠤ ᠳᠤᠷᠠᠲᠠᠢ ᠨᠠᠭᠠᠳᠤᠮ ᠲᠤᠭᠯᠠᠭᠠᠮ ᠤᠨ ᠨᠢᠭᠡ ᠶᠤᠮ᠃ ᠡᠩ ᠤᠨ ᠵᠠᠪ ᠴᠢᠯᠦᠭᠡᠨ ᠳᠡᠭᠡᠨ ᠵᠤᠭ᠎ᠠ ᠴᠡᠩᠭᠡᠯ ᠪᠤᠯᠭᠠᠨ ᠨᠠᠭᠠᠳᠬᠤ ᠮᠦᠷᠲᠡᠭᠡᠨ ᠪᠠᠶᠠᠷ ᠳᠤᠷᠠᠰᠬᠠᠯ᠂ ᠰᠢᠨ᠎ᠡ ᠴᠠᠭᠠᠨ ᠰᠠᠷ᠎ᠠ ᠳᠤ ᠦᠷᠭᠦᠯᠵᠢ ᠨᠠᠭᠠᠳᠤᠨ᠎ᠠ᠃         ᠳ᠋ᠠ ᠯᠦ ᠨᠢ ᠵᠢᠷᠠᠨ ᠮᠣᠳᠤ᠂ ᠨᠢᠭᠡ ᠱᠣ᠂ ᠭᠤᠴᠢᠨ ᠵᠢᠷᠭᠤᠭᠠᠨ ᠪᠤᠳᠠ᠂ ᠳᠠᠯᠠᠨ ᠬᠤᠶᠠᠷ ᠢᠮᠠᠭ᠎ᠠ ᠲᠠᠢ ︵ᠡᠨᠡ ᠭᠤᠴᠢᠨ ᠵᠢᠷᠭᠤᠭᠠᠨ ᠪᠣᠳᠠ᠂ ᠳᠠᠯᠠᠨ ᠬᠤᠶᠠᠷ ᠢᠮᠠᠭ᠎ᠠ ᠶᠢ ᠵᠢᠩ ᠲᠠᠯᠪᠢᠬᠤ ᠳᠤ ᠬᠡᠷᠡᠭᠯᠡᠨ᠎ᠡ᠃ ᠪᠤᠰᠤᠳ ᠭᠤᠷᠪᠠᠨ ᠵᠦᠢᠯ ᠤᠨ ᠲᠤᠭᠯᠠᠭᠠᠮ ᠳᠤ ᠬᠡᠷᠡᠭᠯᠡᠬᠦ ᠦᠭᠡᠢ︶᠃ ᠳ᠋ᠠ ᠯᠦ ᠶᠢᠨ ᠵᠢᠷᠠᠨ ᠮᠣᠳᠤ ᠨᠢ ᠵᠥᠪ ᠲᠠᠯ᠎ᠠ ᠶᠢᠨ ᠲᠦᠴᠢᠨ ᠮᠣᠳᠤ᠂ ᠪᠤᠷᠤᠭᠤ ᠲᠠᠯ᠎ᠠ ᠶᠢᠨ ᠬᠤᠷᠢᠨ ᠮᠣᠳᠣ ᠲᠠᠢ᠃ ᠵᠥᠪ ᠲᠠᠯ᠎ᠠ ᠶᠢᠨ ᠬᠠᠮᠤᠭ ᠶᠡᠭᠡ ᠮᠣᠳᠤ ᠨᠢ ᠠᠷᠪᠠᠨ ᠬᠤᠶᠠᠷ ᠨᠦᠬᠡ ᠲᠠᠢ᠃ ᠳ᠋ᠠ ᠯᠦ ᠶᠢᠨ ᠪᠤᠷᠤᠭᠤ ᠲᠠᠯ᠎ᠠ ᠶᠢᠨ ᠬᠠᠮᠤᠭ ᠶᠡᠭᠡ ᠮᠣᠳᠣ ᠨᠢ ᠶᠢᠰᠦᠨ ᠨᠥᠬᠡ ᠲᠠᠢ ᠪᠠᠶᠢᠳᠠᠭ᠃ ᠵᠥᠪ ᠲᠠᠯ᠎ᠠ ᠶᠢᠨ ᠮᠣᠳᠤ ᠨᠢ ᠵᠥᠪ ᠲᠠᠯ᠎ᠠ ᠶᠢᠨ ᠮᠣᠳᠣ ᠪᠠᠨ ᠶᠡᠭᠡ ᠪᠠᠭ᠎ᠠ ᠪᠠᠷ ᠳᠠᠷᠠᠭᠠᠯᠠᠨ ᠠᠬᠠᠯᠠᠵᠤ ᠳᠡᠶᠢᠯᠵᠤ ᠶᠠᠪᠤᠨ᠎ᠠ᠃ ᠪᠤᠷᠤᠭᠤ ᠲᠠᠯ᠎ᠠ ᠶᠢᠨ ᠮᠣᠳᠣ ᠨᠢ ᠪᠤᠷᠤᠭᠤ ᠲᠠᠯ᠎ᠠ ᠶᠢᠨ ᠮᠣᠳᠤ ᠪᠠᠨ ᠶᠡᠭᠡ ᠪᠠᠭ᠎ᠠ ᠪᠠᠷ ᠠᠬᠠᠯᠠᠵᠤ ᠳᠡᠶᠢᠯᠵᠤ ᠶᠠᠪᠤᠨ᠎ᠠ᠃ ᠪᠤᠷᠤᠭᠤ ᠲᠠᠯ᠎ᠠ ᠶᠢᠨ ᠮᠣᠳᠣ ᠪᠠᠷ ᠳᠠᠷᠤᠵᠤ ᠳᠡᠶᠢᠯᠬᠦ ᠦᠭᠡᠢ᠃         ᠵᠢᠩ ᠲᠠᠯᠪᠢᠬᠤ ᠲᠤᠭᠯᠠᠭᠠᠮ ᠢ ᠳᠦᠷᠪᠡᠨ ᠬᠦᠮᠦᠨ ᠪᠡᠶ᠎ᠡ ᠪᠡᠶ᠎ᠡ ᠪᠠᠨ ᠳᠠᠭᠠᠭᠠᠵᠤ ᠨᠠᠭᠠᠳᠤᠨ᠎ᠠ᠃ ᠬᠦᠮᠦᠨ ᠪᠦᠷᠢ ᠠᠷᠪᠠᠨ ᠵᠢᠷᠭᠤᠭᠠᠨ ᠮᠣᠳᠣ᠂ ᠶᠢᠰᠦᠨ ᠲᠡᠮᠡᠭᠡ᠂ ᠠᠷᠪᠠᠨ ᠨᠠᠢᠮᠠᠨ ᠢᠮᠠᠭ᠎ᠠ ᠲᠤᠰ ᠲᠤᠰ ᠬᠤᠪᠢᠳᠠᠵᠤ ᠠᠪᠤᠭᠠᠳ ᠵᠢᠩᠳᠡᠭᠰᠡᠨ ᠮᠤᠳᠤᠨ ︵ᠱᠤ ᠬᠠᠶᠠᠭᠠᠳ ᠬᠡᠳᠦᠢ ᠨᠦᠬᠡ ᠲᠠᠢ ᠪᠣᠯ ᠲᠡᠷᠡ ᠨᠦᠬᠡ ᠶᠢᠨ ᠲᠤᠭ᠎ᠠ ᠲᠠᠢ ᠮᠣᠳᠤ ᠶᠢ ᠵᠢᠩᠳᠡᠭᠰᠡᠨ ᠮᠣᠳᠣ ᠭᠡᠨ᠎ᠡ︶᠎ ᠤ ᠲᠤᠭ᠎ᠠ ᠪᠠᠷ ᠲᠡᠮᠡᠭᠡ ᠢᠮᠠᠭ᠎ᠠ ᠪᠠᠨ ᠥᠭᠴᠦ ᠠᠪᠤᠨ᠎ᠠ᠃ ᠵᠢᠱᠢᠶᠡᠯᠡᠪᠡᠯ᠂ ᠳ᠋ᠠ ᠯᠦ ︵ᠠᠷᠪᠠᠨ ᠬᠤᠶᠠᠷ ᠨᠦᠬᠡ ᠲᠠᠢ ᠮᠣᠳᠣ︶ ᠵᠢᠩᠳᠡᠭᠰᠡᠨ ᠪᠣᠯ ᠲᠦᠷᠦᠭᠦᠦ ᠭᠠᠷᠬᠤ ᠬᠦᠮᠦᠨ ᠳᠤ ᠵᠢᠩᠳᠡᠭᠰᠡᠨ ᠳ᠋ᠠ ᠯᠦ ᠬᠤᠶᠠᠷ ᠪᠠᠶᠢᠪᠠᠯ ᠨᠠᠭᠠᠳᠤᠮ ᠳᠤ ᠤᠷᠤᠯᠴᠠᠭᠰᠠᠨ ᠪᠤᠰᠤᠳ ᠭᠤᠷᠪᠠᠨ ᠬᠦᠮᠦᠨ ᠠᠴᠠ ᠪᠠᠨ ᠬᠤᠷᠢᠨ ᠳᠦᠷᠪᠡᠨ ᠢᠮᠠᠭ᠎ᠠ ᠲᠤᠰ ᠲᠤᠰ ᠬᠤᠨᠵᠢᠵᠤ ᠠᠪᠤᠨ᠎ᠠ᠃ ᠡᠨᠡ ᠮᠡᠲᠦ ᠪᠠᠷ ᠨᠠᠭᠠᠳᠴᠤ ᠬᠡᠨ ᠨᠢ ᠥᠭᠬᠦ ᠲᠡᠮᠡᠭᠡ ᠢᠮᠠᠭ᠎ᠠ ᠦᠭᠡᠢ ᠪᠣᠯ ᠲᠡᠷᠡ ᠨᠢ ᠱᠦᠭᠦᠭᠳᠡᠵᠦ ᠨᠠᠭᠠᠳᠤᠮ ᠲᠡᠭᠦᠰᠦᠨ᠎ᠡ᠃         ᠳ᠋ᠠ ᠯᠦ ᠨᠠᠭᠠᠳᠤᠮ ᠤᠨ ᠱᠦᠭᠦᠯᠲᠡ ᠳᠤ ᠵᠢᠷᠭᠤᠭ᠎ᠠ᠂ ᠠᠷᠪᠠᠨ ᠬᠤᠶᠠᠷ᠂ ᠬᠤᠷᠢᠨ ᠳᠥᠷᠪᠡ᠂ ᠲᠦᠴᠢᠨ ᠨᠠᠢᠮᠠ᠂ ᠳᠠᠯᠠᠨ ᠬᠤᠶᠠᠷ᠂ ᠶᠡᠷᠡᠨ ᠵᠢᠷᠭᠤᠭ᠎ᠠ ᠵᠡᠷᠭᠡ ᠲᠤᠭ᠎ᠠ ᠪᠠᠷ ᠶᠡᠭᠡ ᠪᠠᠭ᠎ᠠ ᠨᠢ ᠠᠳᠠᠯᠢ ᠦᠭᠡᠢ ᠱᠦᠭᠦᠯᠲᠡ ᠬᠢᠳᠡᠭ᠃ ᠶᠡᠷᠡᠨ ᠵᠢᠷᠭᠤᠭ᠎ᠠ ᠶᠢᠨ ᠲᠤᠭ᠎ᠠ ᠬᠢᠬᠦ ᠨᠢ ᠬᠠᠮᠲᠤ ᠨᠠᠭᠠᠳᠴᠤ ᠪᠠᠶᠢᠭᠰᠠᠨ ᠭᠤᠷᠪᠠᠨ ᠬᠦᠮᠦᠨ ᠢᠶᠠᠨ ᠪᠠᠷᠤᠭ ᠪᠦᠷ ᠱᠦᠬᠦᠵᠦ ᠴᠢᠳᠠᠬᠤ ᠲᠤᠯᠠ ᠬᠠᠮᠤᠭ ᠰᠠᠶᠢᠨ ᠱᠦᠭᠦᠯᠲᠡ ᠳᠤ ᠲᠤᠭᠠᠴᠠᠭᠳᠠᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号