ᠰᠦᠨᠢᠳ ᠤᠨ ᠱᠠᠭ᠎ᠠ ᠨᠠᠭᠠᠳᠤᠮ
ᠨᠡᠶᠢᠲᠡᠯᠡᠭᠰᠡᠨ ᠴᠠᠭ᠄
2020/6/4
        ᠡᠷᠲᠡ ᠤᠵᠠᠭᠤᠷ ᠠᠴᠠ ᠪᠠᠨ ᠠᠩ ᠠᠩᠨᠠᠵᠤ ᠢᠷᠡᠭᠰᠡᠨ ᠮᠤᠩᠭᠤᠯᠴᠤᠳ ᠠᠵᠤ ᠠᠮᠢᠳᠤᠷᠠᠯ ᠤᠨ ᠳᠤᠮᠳᠠ ᠪᠠᠨ ᠵᠢᠷᠭᠠᠯ ᠢ ᠡᠳ᠋ᠯᠡᠬᠦ ᠳᠡᠭᠡᠨ ᠨᠠᠭᠠᠳᠤᠮ ᠲᠤᠭᠯᠠᠭᠠᠮ ᠡᠭᠦᠰᠬᠡᠵᠦ ᠠᠮᠢᠳᠤᠷᠠᠯ ᠤᠨ ᠪᠠᠶᠠᠷ ᠴᠡᠩᠭᠡᠯ ᠢᠶᠠᠨ ᠵᠦᠩᠨᠡᠨ ᠪᠡᠯᠭᠡᠳᠡᠳᠡᠭ ᠰᠠᠶᠢᠬᠠᠨ ᠵᠠᠩᠰᠢᠯ ᠲᠠᠢ᠃ ᠡᠭᠦᠨ ᠤ ᠲᠤᠲᠤᠷ᠎ᠠ ᠱᠠᠭ᠎ᠠ ᠨᠠᠭᠠᠳᠤᠮ ᠪᠣᠯ ᠨᠢᠭᠡ ᠵᠦᠢᠯ ᠨᠢ ᠪᠤᠯᠤᠨ᠎ᠠ᠃         ᠮᠣᠩᠭᠤᠯ ᠬᠦᠮᠦᠨ ᠤ ᠨᠠᠭᠠᠳᠳᠠᠭ ᠱᠠᠭ᠎ᠠ ᠪᠣᠯ ᠬᠤᠨᠢ᠂ ᠢᠮᠠᠭ᠎ᠠ᠂ ᠦᠬᠡᠷ᠂ ᠵᠡᠭᠡᠷ᠎ᠡ᠂ ᠠᠷᠭᠠᠯᠢ ᠵᠡᠷᠭᠡ ᠭᠡᠷ ᠤᠨ ᠲᠡᠵᠢᠭᠡᠪᠦᠷᠢ ᠪᠠ ᠵᠡᠷᠯᠢᠭ ᠠᠮᠢᠲᠠᠨ ᠤ ᠬᠤᠶᠢᠲᠤ ᠬᠤᠶᠠᠷ ᠬᠥᠯ ᠤᠨ ᠱᠠᠭᠠᠨᠲᠤ ᠶᠢᠨ ᠨᠠᠷᠢᠨ ᠦᠵᠦᠭᠦᠷ ᠲᠤ ᠪᠠᠶᠢᠬᠤ ᠳᠦᠷᠪᠡᠨ ᠲᠠᠯ᠎ᠠ ᠲᠠᠢ ᠵᠢᠵᠢᠭ ᠶᠠᠰᠤ ᠪᠤᠯᠤᠨ᠎ᠠ᠃ ᠱᠠᠭ᠎ᠠ ᠶᠢ ᠡᠷᠲᠡ ᠳᠡᠭᠡᠷ᠎ᠡ ᠦᠶ᠎ᠡ ᠳᠤ ᠴᠢᠭ᠎ᠠ ᠭᠡᠵᠦ ᠨᠡᠷᠡᠯᠡᠵᠦ ᠪᠠᠶᠢᠵᠠᠢ᠃ ᠲᠡᠷᠡ ᠨᠢ ᠭᠤᠶᠢᠳᠠ ᠶᠠᠭᠤᠮ᠎ᠠ ᠭᠡᠰᠡᠨ ᠰᠠᠨᠠᠭ᠎ᠠ ᠶᠢ ᠢᠯᠡᠳᠭᠡᠵᠦ᠂ ᠮᠠᠯ ᠠᠮᠢᠲᠠᠨ ᠤ ᠲᠡᠷᠡ ᠵᠢᠵᠢᠭ ᠶᠠᠰᠤ ᠶᠢ ᠠᠩᠬ᠎ᠠ ᠴᠢᠭ᠎ᠠ ᠪᠤᠶᠤ ᠴᠠᠭᠠᠨ ᠭᠡᠵᠦ ᠨᠡᠷᠡᠯᠡᠵᠡᠢ᠃ ᠡᠨᠡ ᠦᠭᠡ ᠵᠢᠯ ᠤᠳᠠᠬᠤ ᠲᠤᠲᠤᠮ ᠦᠭᠡᠷᠡᠴᠢᠯᠡᠭᠳᠡᠵᠦ ᠢᠷᠡᠭᠰᠡᠨ ᠤ ᠳᠠᠭᠠᠣ ᠮᠣᠩᠭᠤᠯ ᠲᠦᠷᠦᠭ ᠬᠡᠯᠡᠨ ᠤ ᠳᠠᠭᠤᠳᠠᠯᠭ᠎ᠠ ᠪᠠᠷ ᠱᠠᠭ᠎ᠠ ᠭᠡᠵᠦ ᠪᠢᠴᠢᠬᠦ ᠪᠤᠯᠵᠠᠢ᠃         ᠮᠠᠨ ᠤ ᠰᠦᠨᠢᠳ ᠨᠤᠲᠤᠭ ᠲᠤ ᠮᠠᠯᠴᠢᠨ ᠠᠷᠠᠳ ᠱᠠᠭ᠎ᠠ ᠶᠢ ᠮᠣᠷᠢ᠂ ᠲᠡᠮᠡᠭᠡ᠂ ᠬᠤᠨᠢ᠂ ᠢᠮᠠᠭ᠎ᠠ᠂ ᠦᠭᠡᠷ ᠭᠡᠵᠦ ᠨᠡᠷᠡᠯᠡᠨ ᠤᠯᠠᠨ ᠵᠦᠢᠯ ᠤᠨ ᠨᠠᠭᠠᠳᠤᠮ ᠲᠤᠭᠯᠠᠭᠠᠮ ᠬᠢᠵᠦ ᠨᠠᠭᠠᠳᠳᠠᠭ ᠶᠤᠮ᠃ ᠱᠠᠭ᠎ᠠ ᠶᠢ ᠰᠠᠶᠢᠬᠠᠨ ᠵᠠᠰᠠᠵᠤ ᠮᠣᠷᠢᠨ ᠲᠠᠯ᠎ᠠ᠂ ᠲᠡᠮᠡᠭᠡᠨ ᠲᠠᠯ᠎ᠠ ᠶᠢ ᠨᠢ ᠦᠷᠦᠵᠦ ᠭᠦᠯᠢᠭᠡᠷ ᠲᠡᠭᠰᠢᠬᠡᠨ ᠪᠤᠯᠭᠠᠵᠤ᠂ ᠪᠠᠰᠠ ᠶᠠᠩᠵᠤ ᠪᠦᠷᠢ ᠶᠢᠨ ᠬᠠᠳᠠᠨ ᠪᠤᠳᠤᠭ ᠢᠶᠠᠷ ᠪᠤᠳᠤᠵᠤ ᠦᠩᠭᠡ ᠢᠯᠭᠠᠷᠠᠭᠤᠯᠳᠠᠭ ᠪᠠᠶᠢᠵᠠᠢ᠃ ᠰᠦᠨᠢᠳ ᠤᠨ ᠮᠣᠩᠭᠤᠯᠴᠤᠳ ᠨᠡᠭᠦᠭᠦ ᠳᠡᠭᠡᠨ ᠨᠤᠲᠤᠭ ᠲᠡᠭᠡᠷ᠎ᠡ ᠪᠠᠨ ᠱᠠᠭ᠎ᠠ ᠬᠠᠶᠠᠵᠤ ᠭᠡᠭᠡᠬᠦ ᠶᠢ ᠴᠡᠭᠡᠷᠯᠡᠬᠦ ᠵᠠᠩᠰᠢᠯ ᠲᠠᠢ᠃ ᠬᠡᠷᠪᠡ ᠠᠶᠢᠯ ᠤᠨ ᠨᠤᠲᠤᠭ ᠳᠡᠭᠡᠷ᠎ᠡ ᠠᠴᠠ ᠱᠠᠭ᠎ᠠ ᠤᠯᠪᠠᠯ ᠶᠠᠮᠠᠷ ᠴᠤ ᠬᠦᠮᠦᠨ ᠭᠡᠳ ᠠᠪᠴᠤ ᠬᠠᠷᠢᠨ᠎ᠠ᠃ ᠡᠭᠦᠨ ᠢ ᠶᠡᠭᠡ ᠪᠡᠯᠭᠡ ᠳᠡᠮᠪᠡᠷᠢᠯ ᠲᠠᠢ ᠭᠡᠵᠦ ᠪᠤᠳᠤᠳᠠᠭ ᠪᠠᠶᠢᠨ᠎ᠠ᠃ ᠱᠠᠭ᠎ᠠ ᠶᠢ ᠬᠡᠳᠦᠨ ᠵᠠᠭᠤ ᠬᠡᠳᠦᠨ ᠮᠢᠩᠭ᠎ᠠ ᠪᠠᠷ ᠴᠤᠭᠯᠠᠭᠤᠯᠵᠤ᠂ ᠲᠤᠰᠬᠠᠢ ᠠᠷᠠᠰᠤᠨ ᠤᠭᠤᠲᠠ ᠪᠤᠶᠤ ᠢᠰᠡᠭᠡᠢ ᠤᠭᠤᠲᠠᠨ ᠳᠤ ᠬᠢᠵᠦ ᠲᠠᠯᠪᠢᠭᠠᠳ ᠪᠤᠰᠤᠳ ᠲᠤ ᠮᠠᠨ ᠤ ᠬᠡᠳᠦᠨ ᠦᠶ᠎ᠡ ᠶᠢᠨ ᠱᠠᠭ᠎ᠠ ᠭᠡᠵᠦ ᠭᠠᠶᠢᠬᠠᠭᠤᠯᠤᠨ᠂ ᠶᠡᠬᠡᠲᠡ ᠨᠠᠨᠳᠢᠩᠨᠠᠨ ᠬᠠᠳᠠᠭᠠᠯᠠᠬᠤ ᠶᠣᠰᠤᠨ ᠪᠤᠢ᠃ ᠰᠦᠨᠢᠳ ᠬᠤᠷᠢᠮ ᠤᠨ ᠵᠠᠩ ᠦᠢᠯᠡ ᠳᠤ ᠰᠢᠨ᠎ᠡ ᠬᠦᠷᠭᠡᠨ ᠱᠠᠭᠠᠨᠲᠤ ᠨᠤᠭᠤᠯᠬᠤ ᠳᠠᠭᠠᠨ ᠱᠠᠭ᠎ᠠ ᠶᠢ ᠠᠪᠴᠤ ᠬᠠᠳᠠᠭ ᠲᠤ ᠪᠣᠭᠤᠵᠤ ᠡᠪᠦᠷᠳᠦᠯᠡᠨ ᠬᠠᠷᠢᠬᠤ ᠪᠦᠭᠡᠳ ᠡᠷᠦᠬᠡ ᠭᠡᠷ ᠪᠤᠰᠬᠠᠭᠰᠠᠨ ᠤ ᠪᠡᠯᠭᠡ ᠳᠡᠮᠪᠡᠷᠢᠯ ᠢᠶᠠᠷ ᠦᠵᠡᠬᠦ ᠶᠣᠰᠤᠨ ᠪᠠᠶᠢᠳᠠᠭ ᠪᠢᠯᠡ᠃ ᠮᠣᠩᠭᠤᠯᠴᠤᠳ ᠱᠠᠭ᠎ᠠ ᠨᠠᠭᠠᠳᠤᠮ ᠢ ᠠᠳᠠᠯᠢ ᠳᠠᠭᠤᠳᠠᠯᠭ᠎ᠠ᠂ ᠬᠡᠯᠪᠡᠷᠢ ᠲᠠᠢ ᠪᠤᠯᠪᠠᠴᠤ ᠠᠳᠠᠯᠢ ᠪᠤᠰᠤ ᠠᠭᠤᠯᠭ᠎ᠠ ᠲᠠᠢ ᠪᠠᠷ ᠨᠠᠭᠠᠳᠴᠤ᠂ ᠠᠳᠠᠯᠢ ᠪᠤᠰᠤ ᠳᠠᠭᠤᠳᠠᠯᠭ᠎ᠠ᠂ ᠬᠡᠯᠪᠡᠷᠢ ᠲᠠᠢ ᠴᠤ ᠠᠳᠠᠯᠢ ᠠᠭᠤᠯᠭ᠎ᠠ ᠲᠠᠢ ᠤᠯᠠᠨ ᠶᠠᠩᠵᠤ ᠪᠠᠷ ᠨᠠᠭᠠᠳᠴᠤ ᠢᠷᠡᠭᠰᠡᠨ ᠠᠴᠠ ᠭᠠᠵᠠᠷ ᠤᠷᠤᠨ ᠤ ᠦᠪᠡᠷᠮᠢᠴᠡ ᠤᠨᠴᠠᠯᠢᠭ ᠲᠠᠢ ᠪᠤᠯᠤᠭᠰᠠᠨ ᠨᠢ ᠮᠡᠳᠡᠭᠡᠵᠢ ᠶᠢᠨ ᠬᠡᠷᠡᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号