ᠬᠡᠦᠬᠡᠳ ᠤᠨ ᠲᠤᠭᠯᠠᠭᠠᠮ ᠤᠳ ︵ᠨᠢᠬᠡ︶
ᠨᠡᠶᠢᠲᠡᠯᠡᠭᠰᠡᠨ ᠴᠠᠭ᠄
2020/6/28
       ᠬᠤᠮᠤᠯ ᠬᠤᠯᠠᠭᠠᠶᠢᠯᠠᠬᠤ        ᠡᠨᠡ ᠪᠣᠯ ᠬᠡᠦᠬᠡᠳ ᠤᠳ ᠤᠨ ᠦᠷᠭᠦᠯᠵᠢ ᠨᠠᠭᠠᠳᠳᠠᠭ ᠱᠤᠭ ᠲᠤᠭᠯᠠᠭᠠᠮ ᠪᠠᠶᠢᠵᠠᠢ᠃ ᠤᠳᠤ ᠨᠠᠭᠠᠳᠬᠤ ᠪᠠᠨ ᠪᠣᠯᠢᠪᠠ᠃ ᠨᠠᠭᠠᠳᠤᠮ ᠳᠤ ᠤᠷᠤᠯᠴᠠᠭᠰᠠᠨ ᠬᠡᠦᠬᠡᠳ ᠤᠳ ᠲᠤᠰ ᠪᠦᠷᠢ ᠨᠢᠭᠡ ᠠᠳᠤᠭᠤᠨ ᠤ ᠭᠥᠬᠡ ᠬᠤᠮᠤᠯ ᠠᠳᠬᠤᠵᠤ ᠭᠡᠷ ᠢᠶᠠᠨ ᠵᠥᠪ ᠲᠤᠭᠤᠷᠢᠨ ᠤᠷᠤᠯᠳᠤᠵᠤ ᠨᠠᠭᠠᠳᠤᠨ᠎ᠠ᠃ ᠬᠡᠨ ᠨᠢ ᠲᠡᠷᠢᠭᠦᠯᠡᠭᠰᠡᠨ ᠪᠣᠯ ᠲᠡᠷᠡ ᠳᠡᠰ ᠳᠠᠷᠠᠭ᠎ᠠ ᠪᠠᠷ ᠢᠶᠠᠨ ᠬᠠᠭᠠᠯᠭᠠᠨ ᠤ ᠵᠠᠪᠰᠠᠷ ︵ᠡᠭᠦᠳᠡ︶ ᠬᠤᠮᠤᠯ ᠠᠳᠬᠤᠭᠰᠠᠨ ᠭᠠᠷ ᠢᠶᠠᠨ ᠤᠷᠤᠭᠤᠯᠬᠤ ᠳᠤ ᠭᠡᠷ ᠲᠤ ᠪᠠᠶᠢᠭ᠎ᠠ ᠲᠤᠭᠯᠠᠭᠠᠮ ᠡᠷᠬᠢᠯᠡᠭᠰᠡᠨ ᠬᠦᠮᠦᠨ ᠬᠡᠨ ᠳᠤ ᠴᠤ ᠮᠡᠳᠡᠭᠳᠡᠯ ᠦᠭᠡᠢ ᠪᠠᠷ ᠬᠤᠮᠤᠯ ᠲᠠᠢ ᠭᠠᠷ ᠳᠡᠭᠡᠷ᠎ᠡ ᠎ ᠨᠢ ᠬᠦᠢᠳᠡᠨ ᠤᠰᠤ ᠪᠤᠶᠤ ᠪᠤᠴᠠᠯᠤᠭᠰᠠᠨ ᠤᠰᠤ ᠬᠢᠬᠦ ᠳᠤ ᠬᠠᠵᠠᠭᠤ ᠳᠠᠬᠢ ᠬᠦᠮᠦᠨ ᠨᠢ ︽ᠭᠠᠷ ᠳᠡᠭᠡᠷ᠎ᠡ ᠴᠢᠨᠢ ᠰᠢᠭᠡᠯ᠎ᠡ︾ ᠭᠡᠵᠦ ᠱᠤᠭ ᠭᠠᠷᠭᠠᠨ ᠬᠠᠰᠭᠢᠷᠬᠤ ᠳᠤ ᠲᠡᠷᠡ ᠭᠡᠦᠬᠡᠳ ᠭᠠᠷ ᠤᠨ ᠠᠯᠠᠭ᠎ᠠ ᠪᠠᠨ ᠰᠠᠨᠠᠮᠰᠠᠷ ᠦᠭᠡᠢ ᠨᠡᠭᠡᠭᠡᠬᠦ ᠳᠤ ᠪᠤᠰᠤᠳ ᠬᠡᠦᠬᠡᠳ ᠤᠳ ᠬᠤᠮᠤᠯ ᠢ ᠨᠢ ᠪᠤᠯᠢᠶᠠᠨ ᠠᠪᠴᠤ ᠬᠤᠮᠤᠯ ᠬᠤᠯᠠᠭᠠᠶᠢᠯᠠᠯ᠎ᠠ ᠬᠡᠭᠦ ᠪᠣᠶᠤ ᠬᠤᠮᠤᠯ ᠰᠢᠭᠡᠯ᠎ᠡ ᠬᠡᠵᠦ ᠱᠤᠭ ᠡᠭᠦᠰᠬᠡᠨ ᠨᠠᠭᠠᠳᠤᠨ᠎ᠠ᠃ᠳᠤᠯᠤᠭᠠᠨ ᠪᠡᠳᠡᠬᠢ ᠴᠣᠬᠢᠬᠤ        ᠡᠨᠡ ᠪᠣᠯ ᠵᠠᠯᠠᠭᠤ ᠪᠠᠭᠠᠴᠤᠳ᠂ ᠬᠡᠦᠬᠡᠳ ᠤᠨ ᠨᠠᠭᠠᠳᠬᠤ ᠱᠤᠭ ᠲᠤᠭᠯᠠᠭᠠᠮ ᠶᠤᠮ᠃ ᠡᠨᠡ ᠲᠤᠭᠯᠠᠭᠠᠮ ᠎ ᠨᠢ ᠳᠤᠯᠤᠭᠠᠨ ᠵᠢᠵᠢᠭ ᠰᠢᠷᠣᠢ ᠶᠢᠨ ᠣᠪᠤᠭ᠎ᠠ ᠪᠤᠰᠬᠠᠵᠤ᠂ ᠨᠢᠭᠡ ᠶᠢᠨ ᠬᠢᠨᠢ ᠳᠤᠳᠤᠷ᠎ᠠ ᠬᠦᠮᠦᠨ ᠤ ᠭᠠᠷ ᠢ ᠪᠤᠵᠠᠷᠳᠤᠭᠤᠯᠵᠤ ᠱᠤᠭ ᠭᠠᠷᠭᠠᠬᠤ ᠵᠤᠷᠢᠯᠭ᠎ᠠ ᠲᠠᠢ ᠨᠣᠶᠢᠲᠠᠨ ᠰᠢᠪᠠᠷ ᠪᠣᠶᠣ ᠦᠬᠡᠷ ᠤᠨ ᠪᠠᠭᠠᠰᠤ ᠬᠢᠵᠦ ︽ᠪᠡᠳᠡᠬᠢ︾ ᠭᠡᠮᠡᠨ ᠮᠡᠳᠡᠭᠳᠡᠯ ᠦᠭᠡᠢ ᠲᠠᠯᠪᠢᠨ᠎ᠠ᠃ ᠢᠩᠭᠢᠭᠡᠳ ᠲᠤᠭᠯᠠᠭᠠᠮ ᠳᠤ ᠤᠷᠤᠯᠴᠠᠭᠰᠠᠨ ᠬᠡᠦᠬᠡᠳ ᠤᠳ ᠤᠷᠤᠯᠳᠤᠨ ᠢᠷᠡᠵᠦ ᠴᠣᠬᠢᠨ᠎ᠠ᠃ ᠬᠡᠨ ᠳᠤᠨᠢ ᠲᠡᠷᠡ ︽ᠪᠡᠳᠡᠬᠢ︾ ᠭᠡᠮᠡᠬᠦ ᠣᠪᠤᠭ᠎ᠠ ᠲᠠᠭᠠᠷᠠᠪᠠᠯ ᠴᠢᠨᠤ ︽ᠪᠡᠲᠡᠭᠢ︾ ᠬᠠᠭᠠᠷᠠᠯ᠎ᠠ ᠭᠡᠵᠦ ᠱᠤᠭ ᠪᠤᠯᠭᠠᠨ ᠨᠠᠭᠠᠳᠤᠨ᠎ᠠ᠃ ᠵᠠᠯᠠᠭᠤᠴᠤᠳ ᠪᠣᠯ ᠡᠷ᠎ᠡ ᠴᠢᠳᠠᠯ ᠰᠢᠯᠭᠠᠵᠤ ᠨᠢᠭᠡ ᠯᠡ ᠠᠮᠢᠰᠬᠤᠭ᠎ᠠ ᠪᠠᠷ ᠳᠤᠯᠤᠭᠠᠨ ᠣᠪᠣᠭ᠎ᠠ ᠶᠢ ᠴᠣᠬᠢᠵᠤ᠂ ᠠᠯᠢ ᠦᠶ᠎ᠡ ᠳᠤᠨᠢ ᠲᠡᠷᠡ ︽ᠪᠡᠲᠡᠭᠢ︾ ᠭᠡᠮᠡᠬᠦ ᠣᠪᠣᠭ᠎ᠠ ᠲᠠᠭᠠᠷᠠᠪᠠᠯ ᠳᠠᠷᠤᠢ ︽ᠪᠡᠲᠡᠭᠢ︾ ᠭᠡᠮᠡᠭᠦ ᠣᠪᠣᠭ᠎ᠠ ᠲᠠᠭᠠᠷᠠᠪᠠᠯ ᠳᠠᠷᠤᠢ ︽ᠪᠡᠲᠡᠭᠢ︾ ᠬᠠᠭᠠᠷᠠᠯ᠎ᠠ ᠭᠡᠵᠦ ᠱᠤᠭ ᠭᠠᠷᠭᠠᠨ ᠨᠠᠭᠠᠳᠤᠨ᠎ᠠ᠃ ᠦᠯᠡᠳᠡᠭᠰᠡᠨ ᠣᠪᠣᠭ᠎ᠠ ᠶᠢ ᠨᠢ ᠪᠣᠰᠣᠳ ᠨᠢ ᠵᠠᠯᠭᠠᠵᠤ ᠴᠣᠬᠢᠵᠤ ᠨᠠᠭᠠᠳᠤᠨ᠎ᠠ᠃ ᠡᠨᠡ ᠱᠤᠭ ᠲᠤᠭᠯᠠᠭᠠᠮ ᠢ ᠦᠨᠳᠦᠰᠦᠨ ᠳᠡᠭᠡᠨ ᠨᠠᠭᠠᠳᠬᠤ ᠪᠠᠨ ᠪᠠᠶᠢᠵᠠᠢ᠃ ᠮᠠᠨ ᠤ ᠰᠦᠨᠢᠳ ᠨᠤᠲᠤᠭ ᠲᠤ ᠰᠡᠳᠭᠢᠯ ᠬᠠᠨᠲᠠᠯ᠎ᠠ ᠨᠠᠭᠠᠳᠪᠠᠯ ᠮᠠᠨ ᠤ ᠬᠦᠮᠦᠨ ᠴᠢᠨᠢ ᠪᠡᠲᠡᠭᠢ ᠪᠠᠨ ᠬᠠᠭᠠᠷᠠᠲᠠᠯ᠎ᠠ ᠨᠠᠭᠠᠳᠤᠯ᠎ᠠ ᠭᠡᠬᠦ ᠪᠠ ᠮᠠᠨ ᠤ ᠬᠦᠮᠦᠨ ᠤ ᠪᠡᠲᠡᠬᠢ ᠨᠢ ᠬᠠᠭᠠᠷᠠᠯ᠎ᠠ ᠭᠡᠵᠦ ᠶᠠᠷᠢᠳᠠᠭ᠃ ᠪᠣᠳᠤᠬᠤ ᠳᠤ ᠡᠭᠦᠨ ᠠᠴᠠ ᠡᠭᠦᠰᠦᠯ ᠲᠠᠢ ᠪᠢᠵᠠ᠃        ᠣᠶᠢᠮᠤᠰᠤ ᠢᠨᠢᠶᠡᠯᠭᠡᠬᠦ        ᠡᠨᠡ ᠨᠠᠭᠠᠳᠤᠮ ᠪᠣᠯ ᠬᠡᠦᠬᠡᠳ ᠤᠨ ᠨᠠᠭᠠᠳᠳᠠᠭ ᠨᠠᠭᠠᠳᠤᠮ ᠶᠤᠮ᠃ ᠨᠠᠭᠠᠳᠤᠮ ᠳᠤ ᠣᠷᠤᠯᠴᠠᠭᠰᠠᠨ ᠬᠡᠦᠬᠡᠳ ᠤᠳ ᠨᠢᠭᠡ ᠭᠠᠷ ᠢᠶᠠᠨ ᠠᠷᠤ ᠳᠠᠭᠠᠨ ᠤᠶᠠᠵᠤ ᠨᠥᠭᠦᠬᠡ ᠭᠠᠷ ᠲᠠᠭᠠᠨ ᠬᠡᠥᠬᠡᠳ ᠤᠨ ᠣᠶᠢᠮᠤᠰᠤ ᠤᠭᠯᠠᠵᠤ ᠨᠥᠭᠦᠭᠡ ᠭᠠᠷ ᠢᠶᠠᠨ ᠪᠤᠭᠤᠭᠠᠳ ᠭᠡᠷ ᠲᠣᠭᠤᠷᠢᠨ ᠤᠷᠤᠯᠳᠤᠵᠤ ᠨᠠᠭᠠᠳᠤᠨ᠎ᠠ᠃ ᠲᠡᠷᠢᠭᠦᠯᠡᠵᠦ ᠢᠷᠡᠭᠰᠡᠨ ᠬᠡᠦᠬᠡᠳ ᠤᠨ ᠳᠡᠰ ᠳᠠᠷᠠᠭ᠎ᠠ ᠪᠠᠷ ᠨᠠᠭᠠᠳᠤᠮ ᠡᠷᠬᠢᠯᠡᠭᠴᠢ ᠠᠴᠠ ᠲᠤᠯᠤᠭᠠᠢ ᠳᠡᠭᠡᠷ᠎ᠡ ᠨᠢ ᠴᠠᠭᠠᠰᠤ ᠰᠢᠲᠠᠭᠠᠬᠤ ᠪᠣᠶᠣ ᠪᠦᠯᠢᠶᠡᠨ ᠤᠰᠤ ᠬᠢᠬᠦ ᠳᠤ ᠬᠡᠦᠬᠡᠳ ᠤᠳ ᠰᠠᠨᠳᠤᠷᠤᠨ ᠰᠤᠴᠢᠵᠤ ᠣᠶᠢᠮᠦᠰᠤ ᠲᠠᠢ ᠭᠠᠷ ᠢᠶᠠᠷ ᠢᠶᠠᠨ ᠲᠣᠯᠤᠭᠠᠢ ᠪᠠᠨ ᠮᠠᠭᠠᠵᠢᠵᠤ ᠢᠯᠡᠪᠡᠯ ᠳᠠᠷᠣᠢ ᠪᠣᠰᠣᠳ ᠨᠢ ︽ᠣᠶᠢᠮᠣᠰᠣ ᠢᠨᠢᠶᠡᠯ᠎ᠡ︾ ᠭᠡᠵᠦ ᠱᠤᠭ ᠪᠣᠯᠭᠠᠨ ᠨᠠᠭᠠᠳᠤᠨ᠎ᠠ᠃ ᠡᠨᠡ ᠲᠤᠭᠯᠠᠭᠠᠮ ᠨᠢ ᠪᠦᠷ ᠯᠡ ᠢᠨᠢᠶᠡᠳᠦᠮ ᠱᠤᠭ ᠡᠭᠦᠰᠬᠡᠬᠦ ᠵᠣᠷᠢᠯᠭ᠎ᠠ ᠲᠠᠢ ᠬᠡᠦᠬᠡᠳ ᠤᠨ ᠨᠠᠭᠠᠳᠤᠮ ᠪᠣᠯᠣᠨ᠎ᠠ᠃        ᠮᠣᠩᠭᠤᠯ ᠬᠦᠮᠦᠨ ᠤ ᠭᠤᠬᠠᠳᠠᠬᠤ ᠲᠤᠭᠯᠠᠭᠠᠮ        ᠠᠪᠤᠯᠴᠠᠭ᠎ᠠ ᠠᠪᠬᠤ ᠪᠣᠯ ᠬᠤᠶᠠᠷ ᠬᠦᠮᠦᠨ ᠤ ᠤᠲᠠᠰᠤ ᠪᠠᠷ ᠡᠭᠡᠯᠵᠢᠯᠡᠨ ᠭᠤᠬᠠᠳᠠᠵᠤ ᠠᠪᠬᠤ ᠤᠲᠠᠰᠤᠨ ᠲᠤᠭᠯᠠᠭᠠᠮ ᠪᠤᠯᠤᠨ᠎ᠠ᠃ ᠡᠨᠡ ᠲᠣᠭᠯᠠᠭᠠᠮ ᠳᠤ ᠤᠲᠠᠰᠤ ᠪᠠᠷ ᠠᠯᠲᠠᠨ ᠬᠠᠭᠠᠯᠭ᠎ᠠ᠂ ᠬᠠᠨ᠎ᠠ᠂ ᠣᠩᠭᠤᠴᠠ᠂ ᠪᠣᠳᠤᠭᠠᠨ ᠬᠤᠭᠤᠯᠠᠢ᠂ ᠨᠠᠷᠠ᠂ ᠬᠡᠷᠢᠶᠡᠨ ᠬᠥᠯ᠂ ᠦᠬᠡᠷ ᠨᠢᠳᠦ᠂ ᠥᠮᠦᠳᠦ᠂ ᠴᠠᠮᠴᠠ᠂ ᠬᠠᠶᠢᠴᠢ᠂ ᠳᠡᠪᠰᠢ ᠵᠡᠷᠭᠡ ᠬᠤᠷᠢ ᠭᠠᠷᠣᠢ ᠳᠦᠷᠰᠦ ᠭᠠᠷᠭᠠᠵᠤ ᠪᠣᠯᠤᠨ᠎ᠠ᠃ ᠭᠤᠣᠯᠳᠠᠭᠤ ᠬᠡᠦᠬᠡᠳ ᠪᠠᠭᠠᠴᠤᠳ ᠨᠠᠭᠠᠳᠬᠤ ᠨᠢ ᠣᠯᠠᠨ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号