ᠤᠷᠠᠨ ᠮᠠᠯᠴᠢᠨ ᠡᠷᠳᠡᠨᠢᠴᠢᠯᠠᠭᠤ
ᠨᠡᠶᠢᠲᠡᠯᠡᠭᠰᠡᠨ ᠴᠠᠭ᠄
2020/5/7
        ᠡᠷᠳᠡᠨᠢᠴᠢᠯᠠᠭᠤ ᠪᠤᠯ ᠪᠠᠶᠠᠨᠨᠠᠭᠤᠷ ᠪᠠᠯᠭᠠᠰᠥᠨ ᠤ ᠪᠠᠶᠠᠠᠴᠠᠩᠲᠤ ᠭᠠᠴᠠᠭᠠᠨ ᠤ ᠮᠠᠯᠴᠢᠨ ᠪᠠᠶᠢᠵᠤ᠂ ᠬᠠᠷᠠᠬᠠᠨ ᠪᠠᠭ᠎ᠠ ᠠᠴᠠ ᠪᠠᠨ ᠮᠤᠩᠭᠤᠯ ᠪᠥᠬᠡ ᠳᠤ ᠳᠣᠷ᠎ᠠ ᠪᠠᠬ᠎ᠠ ᠲᠠᠢ ᠪᠠᠶᠢᠵᠤ ᠵᠠᠯᠠᠭᠤ ᠨᠠᠰᠤᠨ ᠳᠠᠭᠠᠨ ᠨᠠᠶᠢᠷ ᠨᠠᠭᠠᠳᠣᠮ ᠳᠤ ᠪᠠᠷᠢᠯᠳᠣᠵᠣ ᠢᠷᠡᠭᠰᠡᠨ ᠶᠤᠮ᠃         ᠲᠡᠷᠡ ᠪᠥᠬᠡ ᠳᠤ ᠪᠠᠬ᠎ᠠ ᠲᠠᠢ ᠤᠴᠢᠷ ᠠᠴᠠ ᠪᠥᠬᠡ ᠶᠢᠨ ᠡᠮᠣᠰᠬᠡᠯ ᠵᠠᠰᠠᠯ ᠢ ᠶᠡᠭᠡ ᠠᠩᠬᠠᠷᠴᠥ ᠮᠤᠩᠭᠤᠯ ᠪᠥᠬᠡ ᠶᠢᠨ ᠥᠢᠯᠡᠰ ᠲᠤ ᠥᠴᠥᠬᠡᠨ ᠴᠦ ᠬᠡᠰᠡᠨ ᠬᠤᠪᠢ ᠨᠡᠮᠡᠷᠢ ᠥᠵᠡᠬᠦᠯᠥᠶ᠎ᠡ ᠬᠡᠰᠡᠨ ᠮᠠᠯᠴᠢᠨ ᠬᠥᠮᠥᠨ ᠤ ᠰᠢᠭᠤᠷᠬᠠᠢ ᠪᠤᠳᠤᠯ ᠢᠶᠠᠷ ᠬᠤᠶᠠᠷ ᠮᠢᠩᠭᠠᠨ ᠤᠨ ᠤ ᠥᠶ᠎ᠡ ᠠᠴᠠ ᠮᠤᠩᠭᠤᠯ ᠪᠥᠬᠡ ᠶᠢᠨ ᠵᠤᠳᠤᠭ᠂ ᠳᠣᠬᠤ᠂ ᠪᠠᠩᠵᠠᠯ ᠵᠡᠷᠬᠡ ᠶᠢ ᠡᠬᠢᠯᠡᠵᠤ ᠤᠶᠤᠭᠰᠠᠨ ᠶᠤᠮ᠃         ᠡᠬᠢᠯᠡᠵᠤ ᠤᠶᠤᠬᠤ ᠥᠶ᠎ᠡ ᠳᠤ ᠡᠰᠬᠡᠬᠦ ᠠᠴᠠ ᠡᠬᠢᠯᠡᠨ ᠵᠡᠬᠦᠥ ᠰᠢᠪᠦᠭᠡ ᠶᠢ ᠨᠢ ᠲᠤᠬᠢᠷᠠᠭᠤᠯᠬᠤ᠂ ᠨᠥᠬᠡᠯᠡᠬᠦ ᠬᠡᠳ ᠤᠯᠠᠨ ᠠᠷᠪᠢᠨ ᠲᠥᠪᠡᠭ ᠲᠠᠢ ᠶᠠᠪᠤᠳᠠᠯ ᠲᠤᠬᠢᠶᠠᠯᠳᠣᠵᠣ ᠪᠠᠶᠢᠭᠰᠠᠨ ᠴᠦ ᠲᠡᠷᠡ ᠵᠤᠷᠢᠭ ᠮᠤᠬᠤᠷᠠᠯ ᠥᠬᠡᠢ ᠤᠷᠤᠯᠳᠣᠨ ᠪᠠᠶᠢᠵᠤ ᠠᠩᠬᠠᠨ ᠤ ᠵᠤᠳᠤᠭ ᠢᠶᠠᠨ ᠬᠠᠭᠠᠰ ᠰᠠᠷ᠎ᠠ ᠶᠢᠨ ᠬᠤᠭᠤᠴᠠᠭ᠎ᠠ ᠵᠠᠷᠤᠴᠠᠭᠤᠯᠵᠤ ᠪᠠᠶᠢᠭᠠᠳ ᠬᠢᠵᠤ ᠭᠠᠷᠭᠠᠭᠰᠠᠨ ᠪᠠᠶᠢᠨ᠎ᠠ᠃ ᠳᠡᠬᠦᠨ ᠠᠴᠠ ᠬᠤᠶᠢᠰᠢ ᠳᠡᠷᠡ ᠥᠢᠷ᠎ᠡ ᠬᠠᠪᠢ ᠶᠢᠨ ᠨᠤᠳᠤᠭ ᠤᠰᠤᠨ ᠤ ᠪᠠᠨ ᠪᠥᠬᠡᠴᠥᠳ ᠤᠨ ᠵᠠᠬᠢᠶᠠᠯᠠᠭ᠎ᠠ ᠪᠠᠷ ᠲᠣᠪᠤᠷᠤᠤ ᠲᠠᠢ ᠵᠤᠳᠤᠭ ᠳᠣᠪᠤᠷᠤᠤ ᠥᠬᠡᠢ ᠵᠤᠳᠤᠭ᠂ ᠨᠠᠶᠢᠷ ᠨᠠᠭᠠᠳᠣᠮ ᠤᠨ ᠱᠠᠩ ᠤᠨ ᠵᠤᠳᠤᠭ᠂ ᠬᠡᠤᠬᠡᠳ ᠤᠨ ᠵᠤᠳᠤᠭ ᠵᠡᠷᠬᠡ ᠤᠯᠠᠨ ᠠᠷᠪᠢᠨ ᠪᠥᠬᠡ ᠶᠢᠨ ᠡᠮᠤᠰᠬᠡᠯ ᠵᠠᠰᠠᠯ ᠢ ᠤᠶᠤᠬᠤ ᠶᠢᠨ ᠳᠠᠭᠠᠤ ᠵᠤᠳᠤᠭ ᠵᠠᠰᠠᠵᠤ ᠴᠢᠮᠡᠬᠦ ᠠᠵᠢᠯ ᠢ ᠪᠠᠭ᠎ᠠ ᠪᠤᠰᠥ ᠬᠢᠵᠤ᠂ ᠳᠣᠷᠰᠢᠯᠭ᠎ᠠ ᠰᠣᠷᠭᠠᠮᠵᠢ ᠬᠤᠷᠠᠮᠳᠠᠭᠤᠯᠵᠤ᠂ ᠤᠳᠤ ᠪᠤᠯᠬᠤ ᠳᠤ ᠨᠢᠬᠡ ᠵᠤᠳᠤᠭ ᠢ ᠭᠤᠷᠪᠠ ᠠᠴᠠ ᠲᠥᠷᠪᠡᠨ ᠡᠳᠣᠷ ᠤᠨ ᠳᠣᠳᠣᠷ᠎ᠠ ᠤᠶᠤᠵᠤ ᠨᠠᠶᠢᠳᠠ 30 ᠭᠠᠷᠤᠢ ᠵᠤᠳᠤᠭ ᠤᠶᠤᠭᠰᠠᠨ ᠪᠠᠶᠢᠨ᠎ᠠ᠃         ᠲᠡᠷᠡ ᠠᠵᠢᠯ ᠤᠨ ᠴᠢᠯᠥᠬᠡ ᠵᠠᠪ ᠢᠶᠠᠷ ᠢᠶᠠᠨ ᠪᠥᠬᠡ ᠶᠢᠨ ᠡᠳ᠋ᠯᠡᠯ ᠬᠡᠷᠡᠭᠯᠡᠯ ᠬᠢᠬᠦ ᠶᠢᠨ ᠬᠠᠮᠳᠣ ᠮᠤᠷᠢᠨ ᠤ ᠡᠳ᠋ᠯᠡᠯ ᠬᠡᠷᠡᠭᠰᠡᠯ ᠬᠢᠬᠦ ᠪᠠ ᠨᠠᠶᠢᠷ ᠨᠠᠭᠠᠳᠤᠮ ᠳᠤ ᠤᠷᠳᠣ ᠶᠢᠨ ᠳᠠᠭᠤᠤ ᠳᠠᠭᠤᠯᠠᠬᠤ᠂ ᠰᠢᠯᠥᠭᠯᠡᠵᠤ ᠤᠶᠠᠩᠭᠠᠯᠠᠬᠤ᠂ ᠢᠷᠥᠬᠡᠯ ᠮᠠᠭᠳᠠᠭᠠᠯ᠂ ᠬᠤᠷᠢᠮ ᠨᠠᠶᠢᠷ ᠤᠨ ᠬᠥᠳᠥᠯᠥᠭᠴᠢ ᠵᠡᠷᠬᠡ ᠠᠵᠢᠯ ᠢ ᠴᠦ ᠤᠯᠠᠨ ᠠᠷᠪᠢᠨ ᠵᠢᠯ ᠬᠢᠵᠤ ᠢᠷᠡᠭᠰᠡᠨ ᠶᠤᠮ᠃         ᠡᠷᠳᠡᠨᠢᠴᠢᠯᠠᠭᠤ ᠬᠡᠳᠣᠶᠢᠪᠡᠷ ᠮᠠᠯᠴᠢᠨ ᠪᠤᠯᠪᠠᠴᠥ ᠠᠵᠢᠯ ᠶᠠᠪᠤᠳᠠᠯ ᠢᠶᠠᠨ ᠠᠯᠢᠨ ᠢ ᠨᠢ ᠴᠦ ᠰᠠᠭᠠᠳᠠᠭᠠᠭᠰᠠᠨ ᠥᠬᠡᠢ ᠪᠠᠷ ︽ᠵᠥᠬᠡᠷ ᠰᠠᠭᠤᠬᠤ ᠪᠠᠷ ᠵᠥᠯᠬᠦᠵᠤ ᠰᠠᠭᠤᠬᠤ︾ ᠬᠡᠳᠡᠭ ᠢᠶᠠᠷ ᠥᠪᠡᠷ ᠤᠨ ᠤᠷ᠎ᠡ ᠤᠬᠠᠭᠠᠨ ᠤᠷᠠᠨ ᠴᠢᠳᠠᠪᠤᠷᠢ ᠪᠠᠷ ᠢᠶᠠᠨ ᠠᠵᠤ ᠠᠮᠢᠳᠤᠷᠠᠯ ᠳᠤ ᠪᠠᠨ ᠪᠠᠭ᠎ᠠ ᠪᠤᠰᠥ ᠮᠠᠯᠵᠢᠯ ᠤᠨ ᠪᠤᠰᠥ ᠤᠷᠤᠯᠭ᠎ᠠ ᠡᠬᠦᠳᠴᠥ᠂ ᠥᠨᠳᠣᠰᠣᠳᠡᠨ ᠤ ᠤᠯᠠᠮᠵᠢᠯᠠᠯᠳᠣ ᠰᠤᠶᠤᠯ ᠢᠶᠠᠨ ᠬᠠᠶᠢᠷᠠᠯᠠᠨ ᠬᠠᠮᠠᠭᠠᠯᠠᠵᠤ ᠬᠥᠭᠵᠢᠬᠦᠯᠬᠦ ᠳᠤ ᠥᠪᠡᠷ ᠤᠨ ᠬᠤᠪᠢ ᠨᠡᠮᠡᠷᠢ ᠪᠠᠨ ᠡᠷᠬᠦᠭᠰᠡᠨ ᠶᠤᠮ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号