ᠰᠦᠨᠢᠳ ᠤᠨ ᠱᠠᠭ᠎ᠠ ᠨᠠᠭᠠᠳᠤᠮ — ᠵᠠᠭᠤ ᠬᠠᠶᠠᠬᠤ
ᠨᠡᠶᠢᠲᠡᠯᠡᠭᠰᠡᠨ ᠴᠠᠭ᠄
2020/6/5
        ᠰᠦᠨᠢᠳ ᠤᠨ ᠱᠠᠭ᠎ᠠ ᠨᠠᠭᠠᠳᠤᠮ — ᠵᠠᠭᠤ ᠬᠠᠶᠠᠬᠤ         ᠵᠠᠭᠤ ᠬᠠᠶᠠᠬᠤ ᠭᠡᠳᠡᠭ ᠬᠡᠳᠦᠨ ᠬᠦᠮᠦᠨ ᠪᠠᠶᠢᠭᠰᠠᠨ ᠴᠤ ᠪᠦᠷ ᠪᠤᠯᠤᠨ᠎ᠠ᠃ ᠨᠠᠭᠠᠳᠤᠮ ᠳᠤ ᠤᠷᠤᠯᠴᠠᠭᠰᠠᠨ ᠬᠦᠮᠦᠰ ᠰᠠᠶᠢᠬᠠᠨ ᠵᠠᠰᠠᠭᠰᠠᠨ ᠳᠦᠷᠪᠡᠨ ᠱᠠᠭ᠎ᠠ ᠶᠢ ᠡᠭᠡᠯᠵᠢᠯᠡᠨ ᠳᠡᠰ ᠳᠠᠷᠠᠭ᠎ᠠ ᠲᠠᠢ ᠬᠠᠶᠠᠵᠤ ᠤᠷᠤᠯᠳᠤᠨ ᠨᠠᠭᠠᠳᠤᠨ᠎ᠠ᠃ ᠬᠤᠪᠢ ᠤᠯᠪᠠᠯ ᠳᠠᠪᠲᠠᠵᠤ ᠬᠠᠶᠠᠨ᠎ᠠ᠃ ᠡᠭᠦᠨ ᠳᠤ ᠳᠦᠷᠪᠡᠨ ᠮᠣᠷᠢ ᠪᠤᠰᠪᠠᠯ ᠵᠠᠭᠤᠨ ᠬᠤᠪᠢ᠂ ᠨᠢᠭᠡ ᠬᠤᠨᠢ ᠪᠤᠰᠪᠠᠯ 75 ᠬᠤᠪᠢ᠂ ᠭᠤᠷᠪᠠᠨ ᠬᠤᠨᠢ᠂ ᠨᠢᠭᠡ ᠮᠣᠷᠢ ᠪᠤᠰᠪᠠᠯ 25 ᠬᠤᠪᠢ᠂ ᠳᠦᠷᠪᠡᠨ ᠲᠡᠮᠡᠭᠡ ᠪᠤᠰᠪᠠᠯ 96 ᠬᠤᠪᠢ᠂ ᠳᠦᠷᠪᠡᠨ ᠪᠤᠰᠤᠭ᠎ᠠ ︵ᠬᠤᠶᠠᠷ ᠮᠣᠷᠢ᠂ ᠬᠤᠶᠠᠷ ᠲᠡᠮᠡᠭᠡ᠂ ᠡᠰᠡᠭᠦᠯ᠎ᠡ ᠭᠤᠷᠪᠠᠨ ᠲᠡᠮᠡᠭᠡ᠂ ᠨᠢᠭᠡ ᠮᠣᠷᠢ︶ ᠪᠣᠯ 50 ᠬᠤᠪᠢ ᠭᠡᠵᠦ ᠲᠤᠰ ᠲᠤᠰ ᠪᠣᠳᠤᠵᠤ᠂ ᠵᠠᠭᠤᠨ ᠬᠤᠪᠢ ᠳᠤ ᠤᠷᠤᠯᠳᠤᠵᠤ ᠨᠠᠭᠠᠳᠤᠨ᠎ᠠ᠃ ᠪᠠᠰᠠ ᠲᠠᠪᠤᠨ ᠵᠠᠭᠤ ᠪᠤᠶᠤ ᠮᠢᠩᠭᠠᠨ ᠬᠤᠪᠢ ᠳᠤ ᠤᠷᠤᠯᠳᠤᠨ ᠨᠠᠭᠠᠳᠬᠤ ᠴᠤ ᠪᠤᠢ᠃         ᠰᠦᠨᠢᠳ ᠤᠨ ᠱᠠᠭ᠎ᠠ ᠨᠠᠭᠠᠳᠤᠮ — ᠠᠵᠠ ᠶᠢᠨ ᠭᠤᠷᠪᠠ ᠬᠠᠶᠠᠬᠤ         ᠠᠵᠠ ᠶᠢᠨ ᠭᠤᠷᠪᠠ ᠬᠠᠶᠠᠵᠣ ᠨᠠᠭᠠᠳᠬᠤ ᠨᠢ ᠭᠤᠣᠯᠳᠠᠭᠤ ᠠᠵᠠ ᠰᠢᠯᠭᠠᠬᠤ ᠠᠭᠤᠯᠭ᠎ᠠ ᠲᠠᠢ᠃ ᠡᠨᠡ ᠨᠠᠭᠠᠳᠤᠮ ᠳᠤ ᠬᠡᠳᠦ ᠬᠡᠳᠦᠨ ᠬᠦᠮᠦᠨ ᠭᠤᠷᠪᠠᠨ ᠱᠠᠭ᠎ᠠ ᠪᠠᠷ ᠡᠭᠡᠯᠵᠢᠯᠡᠨ ᠨᠠᠭᠠᠳᠬᠤ ᠪᠦᠭᠡᠳ ᠨᠢᠭᠡ ᠯᠡ ᠳᠡᠭᠡᠷ᠎ᠡ ᠭᠤᠷᠪᠠᠨ ᠮᠣᠷᠢ ᠪᠤᠰᠬᠠᠬᠤ ᠪᠠᠷ ᠠᠵᠠ ᠰᠢᠯᠭᠠᠬᠤ ᠪᠠᠷᠢᠮᠵᠢᠶ᠎ᠠ ᠪᠤᠯᠭᠠᠨ᠎ᠠ᠃ ᠬᠡᠨ ᠳᠡᠷᠢᠭᠦᠨ ᠳᠤᠨᠢ ᠭᠤᠷᠪᠠᠨ ᠮᠣᠷᠢ ᠬᠠᠶᠠᠵᠤ ᠪᠤᠰᠬᠠᠪᠠᠯ ᠠᠵᠠ ᠬᠡᠢ ᠮᠣᠷᠢ ᠲᠠᠢ ᠭᠡᠵᠦ ᠦᠵᠡᠨ᠎ᠡ᠃ ᠡᠭᠦᠨ ᠢ ᠴᠠᠭᠠᠨ ᠰᠠᠷ᠎ᠠ ᠪᠤᠶᠤ ᠬᠤᠷᠢᠮ ᠨᠠᠶᠢᠷ ᠤᠨ ᠭᠠᠵᠠᠷ ᠨᠠᠭᠠᠳᠬᠤ ᠨᠢ ᠤᠯᠠᠨ᠃         ᠰᠦᠨᠢᠳ ᠤᠨ ᠱᠠᠭ᠎ᠠ ᠨᠠᠭᠠᠳᠤᠮ — ᠳᠦᠷᠪᠡᠨ ᠪᠡᠷᠬᠡ ᠬᠠᠶᠠᠬᠤ         ᠡᠨᠡ ᠨᠠᠭᠠᠳᠤᠮ ᠳᠤ ᠬᠡᠳᠦ ᠬᠡᠳᠦᠨ ᠬᠦᠮᠦᠨ ᠳᠦᠷᠪᠡᠨ ᠱᠠᠭ᠎ᠠ ᠪᠠᠷ ᠨᠠᠭᠠᠳᠤᠨ᠎ᠠ᠃ ᠮᠣᠷᠢ᠂ ᠬᠤᠨᠢ᠂ ᠲᠡᠮᠡᠭᠡ᠂ ᠢᠮᠠᠭ᠎ᠠ ᠶᠢ ᠨᠢᠭᠡ ᠯᠡ ᠳᠡᠭᠡᠷ᠎ᠡ ᠬᠠᠶᠠᠵᠤ ᠪᠤᠰᠬᠠᠬᠤ ᠶᠢ ᠳᠦᠷᠪᠡᠨ ᠪᠡᠷᠬᠡ ᠬᠠᠶᠠᠬᠤ ᠭᠡᠵᠦ ᠬᠡᠯᠡᠨ᠎ᠡ᠃ ᠨᠠᠭᠠᠳᠤᠮ ᠳᠤ ᠤᠷᠤᠯᠴᠠᠭᠰᠠᠨ ᠬᠦᠮᠦᠨ ᠬᠡᠨ ᠲᠡᠷᠢᠭᠦᠨ ᠳᠤᠨᠢ ᠳᠦᠷᠪᠡᠨ ᠪᠡᠷᠬᠡ ᠶᠢ ᠬᠠᠶᠠᠵᠤ ᠪᠤᠰᠬᠠᠪᠠᠯ ᠳᠠᠷᠤᠢ ᠨᠢᠭᠡ ᠤᠳᠠᠭ᠎ᠠ ᠱᠦᠭᠦᠭᠰᠡᠨ ᠳᠤ ᠲᠤᠭᠠᠴᠠᠨ᠎ᠠ᠃ ᠡᠨᠡ ᠮᠡᠲᠦ ᠪᠠᠷ ᠳᠡᠰ ᠳᠠᠷᠠᠭ᠎ᠠ ᠲᠠᠢ ᠡᠭᠡᠯᠵᠢᠯᠡᠨ ᠬᠠᠶᠠᠵᠤ ᠨᠠᠭᠠᠳᠤᠨ᠎ᠠ᠃ ᠡᠨᠡ ᠨᠠᠭᠠᠳᠤᠮ ᠢ ᠴᠠᠭᠠᠨ ᠰᠠᠷ᠎ᠠ ᠨᠠᠭᠠᠳᠬᠤ ᠨᠢ ᠤᠯᠠᠨ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号