ᠰᠦᠨᠢᠳ ᠤᠨ ᠱᠠᠭ᠎ᠠ ᠨᠠᠭᠠᠳᠤᠮ — ᠪᠠᠮᠪᠠᠷᠠᠢ ᠬᠠᠶᠠᠬᠤ
ᠨᠡᠶᠢᠲᠡᠯᠡᠭᠰᠡᠨ ᠴᠠᠭ᠄
2020/6/5
        ᠰᠦᠨᠢᠳ ᠤᠨ ᠱᠠᠭ᠎ᠠ ᠨᠠᠭᠠᠳᠤᠮ — ᠪᠠᠮᠪᠠᠷᠠᠢ ᠬᠠᠶᠠᠬᠤ        ᠭᠤᠷᠪᠠᠨ ᠱᠠᠭ᠎ᠠ ᠪᠠᠷ ᠪᠠᠮᠪᠠᠷᠠᠢ ᠬᠠᠶᠠᠵᠤ ᠵᠠᠭᠤᠨ ᠬᠤᠪᠢ ᠳᠤ ᠤᠷᠤᠯᠳᠤᠬᠤ ᠶᠢ ᠪᠠᠮᠪᠠᠷᠠᠢ ᠬᠠᠶᠠᠬᠤ ᠭᠡᠨ᠎ᠡ᠃ ᠡᠭᠦᠨ ᠳᠤ ᠭᠤᠷᠪᠠᠨ ᠮᠣᠷᠢ ᠭᠤᠷᠪᠠᠨ ᠬᠤᠪᠢ᠂ ᠭᠤᠷᠪᠠᠨ ᠲᠡᠮᠡᠭᠡ ᠭᠤᠷᠪᠠᠨ ᠬᠤᠪᠢ᠂ ᠭᠤᠷᠪᠠᠨ ᠬᠤᠨᠢ ᠨᠢᠭᠡ ᠬᠤᠪᠢ᠂ ᠭᠤᠷᠪᠠᠨ ᠢᠮᠠᠭ᠎ᠠ ᠨᠢᠭᠡ ᠬᠤᠪᠢ ᠪᠢᠯᠡ᠃ ᠵᠠᠭᠤᠨ ᠬᠤᠪᠢ ᠳᠤ ᠤᠷᠤᠯᠳᠤᠬᠤ ᠳᠠᠭᠠᠨ ᠭᠤᠷᠪᠠᠨ ᠬᠤᠪᠢ ᠪᠠᠨ ᠭᠤᠷᠪᠠᠨ ᠳᠠᠬᠢᠨ ᠦᠷᠡᠵᠢᠭᠦᠯᠵᠦ ᠪᠤᠳᠤᠨ᠎ᠠ᠃ ᠵᠢᠱᠢᠶᠡᠯᠡᠪᠡᠯ᠂ ᠭᠤᠷᠪᠠᠨ ᠮᠣᠷᠢ ᠪᠤᠰᠪᠠᠯ ᠶᠢᠰᠦᠨ ᠬᠤᠪᠢ  ᠪᠠᠷ ᠪᠤᠳᠤᠨ᠎ᠠ᠃ ᠪᠠᠰᠠ ᠴᠤᠬᠢᠶᠠᠲᠠᠢ ᠨᠠᠭᠠᠳᠳᠠᠭ ᠤᠴᠢᠷ ᠪᠤᠢ᠃ ᠠᠳᠠᠯᠢ ᠲᠤᠭ᠎ᠠ ᠪᠠᠷ ᠠᠳᠠᠯᠢ ᠲᠤᠭ᠎ᠠ ᠶᠢ ᠳᠠᠷᠤᠬᠤ ᠶᠢ ᠴᠤᠬᠢᠶᠠᠲᠠᠢ ᠭᠡᠬᠦ ᠪᠣᠶᠤ ᠰᠢᠳᠠᠭᠠᠨ᠎ᠠ ᠭᠡᠵᠦ ᠬᠡᠯᠡᠨ᠎ᠡ᠃ ᠵᠢᠱᠢᠶᠡᠯᠡᠪᠡᠯ᠂ ᠬᠤᠶᠠᠷ ᠬᠦᠮᠦᠨ ᠳᠠᠷᠠᠭ᠎ᠠ ᠳᠠᠷᠠᠭ᠎ᠠ ᠪᠠᠷ ᠶᠢᠰᠦᠨ ᠬᠤᠪᠢ ᠤᠯᠴᠢᠬᠠᠪᠠᠯ ᠲᠠᠷᠤᠢ ᠰᠢᠳᠠᠭᠠᠭᠰᠠᠨ ᠭᠡᠵᠦ ᠪᠦᠷ ᠬᠤᠪᠢ ᠤᠯᠤᠭᠰᠠᠨ ᠦᠭᠡᠢ ᠪᠠᠷ ᠪᠤᠳᠤᠨ᠎ᠠ᠃ ᠡᠨᠡ ᠮᠡᠲᠦ ᠪᠠᠷ ᠡᠭᠡᠯᠵᠢᠯᠡᠨ ᠵᠠᠭᠤᠨ ᠬᠤᠪᠢ ᠳᠤ ᠤᠷᠤᠯᠳᠤᠳᠤᠭ ᠪᠠᠶᠢᠨ᠎ᠠ᠃        ᠰᠦᠨᠢᠳ ᠤᠨ ᠱᠠᠭ᠎ᠠ ᠨᠠᠭᠠᠳᠤᠮ — ᠶᠢᠰᠦᠨ ᠡᠷᠳᠡᠨᠢ        ᠶᠢᠰᠦᠨ ᠡᠷᠳᠡᠨᠢ ᠭᠡᠬᠦ ᠲᠤᠭᠯᠠᠭᠠᠮ ᠪᠣᠯ ᠭᠤᠷᠪᠠᠨ ᠱᠠᠭ᠎ᠠ ᠪᠠᠷ ᠨᠠᠭᠠᠳᠤᠨ᠎ᠠ᠃ ᠬᠡᠳᠦᠨ ᠬᠦᠮᠦᠨ ᠨᠠᠭᠠᠳᠤᠭᠰᠠᠨ ᠴᠤ ᠪᠦᠷ ᠪᠤᠯᠤᠨ᠎ᠠ᠃ ᠭᠤᠷᠪᠠᠨ ᠮᠣᠷᠢ ᠪᠤᠰᠪᠠᠯ ᠠᠯᠲᠠᠨ ᠡᠷᠳᠡᠨᠢ᠂ ᠭᠤᠷᠪᠠᠨ ᠬᠤᠨᠢ ᠪᠤᠰᠪᠠᠯ ᠮᠥᠩᠭᠦᠨ ᠡᠷᠳᠡᠨᠢ᠂ ᠭᠤᠷᠪᠠᠨ ᠦᠬᠡᠷ ᠪᠣᠰᠪᠠᠯ ᠱᠢᠷᠦᠨ ᠡᠷᠳᠡᠨᠢ᠂ ᠭᠤᠷᠪᠠᠨ ᠲᠡᠮᠡᠭᠡ ᠪᠤᠰᠪᠠᠯ ᠵᠡᠰ ᠡᠷᠳᠡᠨᠢ᠂ ᠬᠤᠶᠠᠷ ᠲᠡᠮᠡᠭᠡ ᠨᠢᠭᠡ ᠢᠮᠠᠭ᠎ᠠ ᠪᠤᠰᠪᠠᠯ ᠳ᠋ᠠᠶᠤ ᠡᠷᠳᠡᠨᠢ᠂ ᠬᠤᠶᠠᠷ ᠲᠡᠮᠡᠭᠡ ᠨᠢᠭᠡ ᠬᠤᠨᠢ ᠪᠤᠰᠪᠠᠯ ᠨᠣᠮᠢᠨ ᠡᠷᠳᠡᠨᠢ᠂ ᠬᠤᠶᠠᠷ ᠬᠤᠨᠢ ᠨᠢᠭᠡ ᠮᠣᠷᠢ ᠪᠤᠰᠪᠠᠯ ᠰᠤᠪᠤᠳ ᠡᠷᠳᠡᠨᠢ᠂ ᠬᠤᠶᠠᠷ ᠬᠤᠨᠢ ᠨᠢᠭᠡ ᠲᠡᠮᠡᠭᠡ ᠪᠤᠰᠪᠠᠯ ᠲᠠᠨ᠎ᠠ ᠡᠷᠳᠡᠨᠢ᠂ ᠭᠤᠷᠪᠠᠨ ᠪᠡᠷᠬᠡ ᠪᠤᠰᠪᠠᠯ ᠭᠠᠩ ᠡᠷᠳᠡᠨᠢ ᠭᠡᠵᠦ ᠨᠠᠭᠠᠳᠬᠤ ᠪᠦᠭᠡᠳ ᠬᠡᠨ ᠲᠡᠷᠢᠭᠦᠨ ᠳᠤ ᠶᠢᠰᠦᠨ ᠡᠷᠳᠡᠨᠢ ᠪᠦᠷᠢᠯᠳᠦᠭᠦᠯᠵᠦ ᠴᠢᠳᠠᠪᠠᠯ ᠲᠡᠷᠡ ᠱᠦᠭᠦᠯᠲᠡ ᠪᠠᠨ ᠤᠯᠤᠨ᠎ᠠ᠃ ᠡᠭᠦᠨ ᠳᠡᠭᠡᠨ ᠪᠠᠰᠠ ᠭᠤᠷᠪᠠᠨ ᠡᠷᠳᠡᠨᠢ᠂ ᠳᠤᠯᠤᠭᠠᠨ ᠡᠷᠳᠡᠨᠢ ᠪᠦᠷᠢᠯᠳᠦᠭᠦᠯᠵᠦ ᠨᠠᠭᠠᠳᠬᠤ ᠴᠤ ᠪᠤᠢ᠃        ᠰᠦᠨᠢᠳ ᠤᠨ ᠱᠠᠭ᠎ᠠ ᠨᠠᠭᠠᠳᠤᠮ — ᠮᠣᠷᠢ ᠤᠶᠠᠬᠤ        ᠮᠣᠷᠢ ᠤᠶᠠᠬᠤ ᠲᠤᠭᠯᠠᠭᠠᠮ ᠪᠣᠯ ᠤᠷᠤᠯᠳᠤᠭᠠᠨ ᠤ ᠮᠣᠷᠢ ᠰᠤᠩᠭᠤᠵᠤ ᠰᠤᠶᠢᠬᠤ ᠠᠭᠤᠯᠭ᠎ᠠ ᠲᠠᠢ ᠲᠤᠭᠯᠠᠭᠠᠮ ᠶᠤᠮ᠃ ᠨᠢᠭᠡ ᠠᠴᠠ ᠳᠡᠭᠡᠭᠰᠢ ᠬᠡᠳᠦᠨ ᠬᠦᠮᠦᠨ ᠨᠠᠭᠠᠳᠤᠭᠰᠠᠨ ᠴᠤ ᠪᠤᠯᠳᠠᠭ᠃ ᠲᠤᠭᠯᠠᠭᠠᠮ ᠳᠤ ᠤᠷᠤᠯᠴᠠᠭᠰᠠᠨ ᠬᠦᠮᠦᠨ ᠪᠤᠯᠭᠠᠨ ᠲᠠᠪᠤ ᠠᠴᠠ ᠳᠤᠯᠤᠭᠠᠨ ᠱᠠᠭ᠎ᠠ ᠳᠤ ᠲᠡᠮᠲᠡᠭ ᠲᠠᠯᠪᠢᠵᠤ ᠮᠣᠷᠢ ᠤᠶᠠᠬᠤ ᠳᠤ ᠤᠷᠤᠯᠴᠠᠭᠤᠯᠤᠨ᠎ᠠ᠃ ᠢᠩᠬᠢᠭᠡᠳ ᠲᠡᠮᠲᠡᠭ ᠲᠠᠯᠪᠢᠭᠰᠠᠨ ᠱᠠᠭ᠎ᠠ ᠪᠠᠨ ᠨᠡᠶᠢᠯᠡᠭᠦᠯᠦᠨ ᠡᠭᠡᠯᠵᠢᠯᠡᠨ ᠬᠠᠶᠠᠬᠤ ᠳᠤ ᠬᠡᠨ ᠤ ᠲᠡᠮᠲᠡᠭ ᠲᠠᠢ ᠱᠠᠭ᠎ᠠ ᠨᠢ ᠲᠡᠷᠢᠭᠦᠨ ᠳᠤ ᠪᠤᠰᠪᠠᠯ ᠡᠵᠡᠨ ᠨᠢ ᠠᠪᠴᠤ ᠨᠢᠭᠡ ᠳᠤᠭᠤᠶᠢᠯᠠᠵᠤ ᠠᠪᠤᠭᠠᠳ ᠦᠯᠡᠳᠡᠭᠰᠡᠨ ᠱᠠᠭ᠎ᠠ ᠪᠠᠨ ᠲᠤᠰ ᠲᠤᠨᠢ ᠲᠠᠯᠪᠢᠵᠤ᠂ ᠰᠠᠶ᠋ᠢ ᠶᠢᠨ ᠮᠣᠷᠢ ᠪᠤᠰᠤᠭᠰᠠᠨ ᠱᠠᠭ᠎ᠠ ᠪᠠᠨ ᠲᠠᠬᠢᠵᠤ ᠡᠭᠡᠯᠵᠢᠯᠡᠨ ᠬᠠᠶᠠᠵᠤ ᠮᠦᠨ ᠳᠡᠭᠡᠷ᠎ᠡ ᠨᠢᠭᠡ ᠤᠳᠠᠭ᠎ᠠ ᠲᠠᠢ ᠪᠠᠨ ᠠᠳᠠᠯᠢ ᠪᠠᠷ ᠮᠣᠷᠢ ᠪᠤᠰᠤᠭᠰᠠᠨ ᠱᠠᠭ᠎ᠠ ᠪᠠᠨ ᠠᠪᠴᠤ ᠲᠠᠬᠢᠨ ᠨᠠᠭᠠᠳᠴᠤ᠂ ᠬᠡᠨ ᠤ ᠬᠢᠨᠢ ᠮᠣᠷᠢ ᠲᠡᠷᠢᠭᠦᠯᠡᠪᠡᠯ ᠰᠠᠶ᠋ᠢ ᠵᠢᠩᠬᠢᠨᠢ ᠤᠷᠤᠯᠳᠤᠭᠠᠨ ᠤ ᠬᠤᠷᠳᠤᠴᠠ ᠮᠣᠷᠢ ᠭᠡᠵᠦ ᠨᠠᠭᠠᠳᠳᠠᠭ ᠶᠤᠮ᠃ ᠭᠤᠤᠯᠳᠠᠭᠤ ᠬᠡᠦᠬᠡᠳ ᠪᠠᠭᠠᠴᠤᠳ ᠨᠠᠭᠠᠳᠬᠤ ᠨᠢ ᠤᠯᠠᠨ᠃        ᠰᠦᠨᠢᠳ ᠤᠨ ᠱᠠᠭ᠎ᠠ ᠨᠠᠭᠠᠳᠤᠮ — ᠵᠢᠯ ᠤᠷᠤᠭᠤᠯᠬᠤ        ᠡᠨᠡ ᠨᠠᠭᠠᠳᠤᠮ ᠪᠤᠯ ᠵᠢᠯ ᠤᠷᠤᠭᠰᠠᠨ ᠬᠦᠮᠦᠨ ᠳᠤ ᠵᠤᠷᠢᠭᠤᠯᠵᠤ ᠨᠠᠭᠠᠳᠬᠤ ᠲᠤᠭᠯᠠᠭᠠᠮ ᠶᠤᠮ᠃ ᠠᠷᠪᠠᠨ ᠭᠤᠷᠪᠠᠨ ᠨᠠᠰᠤᠨ ᠠᠴᠠ ᠳᠡᠭᠡᠭᠰᠢ ᠵᠢᠯ ᠤᠷᠤᠭᠰᠠᠨ ᠬᠦᠮᠦᠨ ᠴᠠᠭᠠᠨ ᠰᠠᠷ᠎ᠠ ᠳᠤ ᠨᠠᠭᠠᠳᠬᠤ ᠵᠠᠩᠰᠢᠯ ᠲᠠᠢ ᠪᠠᠶᠢᠵᠠᠢ᠃ ᠮᠤᠩᠭᠤᠯᠴᠤᠳ ᠤᠨ ᠲᠤᠲᠤᠷ᠎ᠠ ᠠᠷᠪᠠᠨ ᠭᠤᠷᠪᠠ᠂ ᠬᠤᠷᠢᠨ ᠲᠠᠪᠤ᠂ ᠭᠤᠴᠢᠨ ᠳᠤᠯᠤᠭ᠎ᠠ᠂ ᠳᠥᠴᠢ ᠶᠢᠰᠦ᠂ ᠵᠢᠷᠠᠨ ᠨᠢᠭᠡ᠂ ᠳᠠᠯᠠᠨ ᠭᠤᠷᠪᠠ᠂ ᠨᠠᠶᠠᠨ ᠲᠠᠪᠤ ᠳᠤ ᠪᠦᠷ ᠵᠢᠯ ᠤᠷᠤᠭᠤᠯᠬᠤ ᠪᠠᠶᠠᠷ ᠬᠢᠳᠡᠭ ᠵᠠᠩᠰᠢᠯ ᠣᠳᠣ ᠪᠤᠯᠲᠠᠯ᠎ᠠ ᠤᠯᠠᠮᠵᠢᠯᠠᠭᠳᠠᠵᠤ ᠪᠤᠢ᠃ ᠡᠶᠢᠮᠦ ᠠᠴᠠ ᠵᠢᠯ ᠤᠷᠤᠭᠤᠯᠬᠤ ᠳᠠᠭᠠᠨ ᠠᠷᠪᠠᠨ ᠬᠤᠶᠠᠷ ᠵᠢᠯ ᠭᠡᠵᠦ ᠱᠠᠭ᠎ᠠ ᠨᠠᠭᠠᠳᠬᠤ ᠠᠴᠠ ᠭᠠᠳᠠᠨ᠎ᠠ ᠵᠢᠯ ᠤᠷᠤᠭᠤᠯᠵᠤ ᠪᠠᠶᠢᠨ᠎ᠠ ᠭᠡᠵᠦ ᠵᠢᠯ ᠤᠷᠤᠭᠰᠠᠨ ᠨᠠᠰᠤᠨ ᠤ ᠬᠢᠨᠢ ᠲᠤᠭ᠎ᠠ ᠪᠠᠷ ᠱᠠᠭ᠎ᠠ ᠬᠠᠶᠠᠵᠤ ᠨᠠᠭᠠᠳᠳᠠᠭ᠃ ᠠᠷᠪᠠᠨ ᠭᠤᠷᠪᠠ᠂ ᠬᠤᠷᠢᠨ ᠲᠠᠪᠤ᠂ ᠭᠤᠴᠢᠨ ᠳᠤᠯᠤᠭᠠᠨ ᠨᠠᠰᠤᠲᠠᠢ ᠬᠦᠮᠦᠨ ᠵᠢᠯ ᠤᠷᠤᠭᠰᠠᠨ ᠪᠣᠯ ᠪᠦᠷ ᠦᠪᠡᠷᠲᠡᠭᠡᠨ ᠨᠠᠰᠤ ᠲᠠᠢ ᠪᠠᠨ ᠠᠳᠠᠯᠢ ᠲᠣᠭᠠᠨ ᠤ ᠱᠠᠭ᠎ᠠ ᠠᠪᠴᠤ ᠮᠦᠨ ᠨᠠᠰᠤᠨ ᠤ ᠪᠠᠨ ᠲᠤᠭ᠎ᠠ ᠪᠠᠷ ᠬᠠᠶᠠᠵᠤ ᠮᠣᠷᠢ ᠪᠤᠰᠬᠠᠵᠤ ᠨᠠᠭᠠᠳᠤᠨ᠎ᠠ᠃ ᠳᠥᠴᠢ ᠶᠢᠰᠦ᠂ ᠵᠢᠷᠠᠨ ᠨᠢᠭᠡ᠂ ᠳᠠᠯᠠᠨ ᠭᠤᠷᠪᠠ᠂ ᠨᠠᠶᠠᠨ ᠲᠠᠪᠤᠨ ᠨᠠᠰᠤᠲᠠᠢ ᠬᠦᠮᠦᠨ ᠵᠢᠯ ᠤᠷᠤᠭᠰᠠᠨ ᠪᠣᠯ ᠬᠡᠦᠬᠡᠳ ᠳᠡᠭᠦᠦ ᠨᠠᠷ ᠨᠢ ᠵᠢᠯ ᠢ ᠨᠢ ᠤᠷᠤᠭᠤᠯᠵᠤ ᠪᠠᠶᠢᠠᠨ ᠭᠡᠵᠦ ᠵᠢᠯ ᠤᠷᠤᠭᠰᠠᠨ ᠠᠬᠠᠮᠠᠳ ᠤᠨ ᠢᠶᠠᠨ ᠨᠠᠰᠤᠨ ᠤ ᠲᠤᠭ᠎ᠠ ᠪᠠᠷ ᠱᠠᠭ᠎ᠠ ᠠᠪᠴᠤ ᠨᠠᠰᠤᠨ ᠤ ᠬᠢᠨᠢ ᠲᠤᠭ᠎ᠠ ᠪᠠᠷ ᠬᠠᠶᠠᠵᠤ ᠮᠣᠷᠢ ᠪᠤᠰᠬᠠᠵᠤ ᠨᠠᠭᠠᠳᠤᠨ᠎ᠠ᠃ ᠵᠢᠱᠢᠶᠡᠯᠡᠪᠡᠯ᠂ ᠳᠥᠴᠢ ᠶᠢᠰᠦᠨ ᠤ ᠬᠦᠮᠦᠨ ᠳᠤ ᠵᠢᠯ ᠤᠷᠤᠭᠤᠯᠬᠤ ᠳᠤ ᠲᠥᠴᠢ ᠶᠢᠰᠦᠨ ᠱᠠᠭ᠎ᠠ ᠶᠢ ᠳᠥᠴᠢ ᠶᠢᠰᠦᠨ ᠤᠳᠠᠭ᠎ᠠ ᠬᠠᠶᠠᠵᠤ ᠪᠦᠷ ᠮᠣᠷᠢ ᠪᠤᠰᠬᠠᠵᠤ ᠴᠢᠳᠠᠪᠠᠯ ᠵᠢᠯ ᠤᠷᠤᠭᠰᠠᠨ ᠵᠢᠯ ᠳᠡᠭᠡᠨ ᠬᠡᠢ ᠮᠣᠷᠢ ᠲᠠᠢ ᠭᠡᠵᠦ ᠪᠡᠯᠭᠡᠰᠢᠶᠡᠨ ᠦᠵᠡᠳᠡᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号