ᠲᠦᠷᠪᠡᠳᠦᠬᠡᠷ᠄ ᠴᠤᠶᠢᠵᠢᠬᠦᠨᠰᠦᠷᠦ᠋ᠡᠭ ︵1657 — 1731︶ | ᠴᠤᠶᠢᠵᠢᠬᠦᠨᠰᠦᠷᠦ᠋ᠡᠭ ᠪᠤᠯᠪᠠᠰᠤ ᠰᠦᠨᠢᠳ ᠵᠡᠬᠦᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ | ᠪᠠᠶᠢᠭᠰᠠᠨ ᠰᠠᠮᠠᠳ᠋ ᠤᠨ ᠲᠠᠪᠤᠳᠤᠭᠠᠷ ᠬᠦᠪᠡᠬᠦᠨ ᠨᠢ ᠪᠤᠯᠤᠨ᠎ᠠ᠃ ᠴᠤᠶᠢᠵᠢᠬᠦᠨᠰᠦᠷᠦ᠋ᠡᠭ ᠡᠩᠭᠡ ᠠᠮᠤᠭᠤᠯᠠᠩ ᠤᠨ | ᠭᠤᠴᠢᠨ ᠲᠤᠯᠤᠳᠤᠭᠠᠷ ᠤᠨ ︵1698︶ ᠳᠤ ᠵᠠᠷᠯᠢᠭ ᠢᠶᠠᠷ ᠰᠦᠨᠢᠳ ᠵᠡᠬᠦᠨ ᠭᠠᠷᠤᠨ ᠬᠤᠰᠢᠭᠤᠨ ᠤ ᠵᠠᠰᠠᠭ | ᠲᠦᠷᠦ ᠶᠢᠨ ᠵᠢᠶᠦ᠋ᠨ ᠸᠠᠩ ᠤᠨ ᠰᠠᠭᠤᠷᠢᠨ ᠢ ᠵᠠᠯᠭᠠᠮᠵᠢᠯᠠᠪᠠᠢ᠃ ᠴᠤᠶᠢᠵᠢᠬᠦᠨᠰᠦᠷᠦ᠋ᠡᠭ ᠪᠤᠯ ᠴᠡᠷᠢᠭ ᠲᠠᠶᠢᠨ ᠤ | ᠤᠬᠠᠭᠠᠨ ᠳᠤ ᠨᠡᠪᠳᠡᠷᠡᠭᠰᠡᠨ ᠬᠦᠮᠦᠨ ᠪᠠᠶᠢᠵᠦ ᠤᠯᠠᠨ ᠤᠳᠠᠭ᠎ᠠ ᠴᠡᠷᠢᠭ ᠲᠠᠶᠢᠴᠢᠯᠠᠨ ᠵᠢᠯᠤᠭᠤᠳᠴᠦ ᠶᠠᠪᠤᠵᠠᠢ᠃ | ᠡᠩᠭᠡ ᠠᠮᠤᠭᠤᠯᠠᠩ ᠤᠨ ᠲᠠᠪᠢᠨ ᠲᠠᠪᠤᠳᠤᠭᠠᠷ ᠤᠨ ︵1716︶ ᠳᠤ ᠮᠠᠨᠵᠦ ᠶᠢᠨ ᠶᠡᠭᠡ ᠴᠡᠷᠢᠭ ᠤᠶᠢᠷᠠᠳ ᠤᠨ | ᠴᠡᠸᠠᠩᠷᠠᠪᠳᠠᠨ ᠢ ᠲᠠᠶᠢᠯᠬᠤ ᠪᠠᠷ ᠪᠡᠯᠡᠳᠬᠡᠬᠦ ᠦᠶ᠎ᠡ ᠳᠤ ᠵᠠᠷᠯᠢᠭ ᠢᠶᠠᠷ ᠰᠢᠯᠢ ᠶᠢᠨ ᠭᠤᠤᠯ ᠴᠢᠭᠤᠯᠭᠠᠨ ᠤ ᠴᠡᠷᠢᠭ ᠢ | ᠵᠠᠬᠢᠷᠤᠨ ᠵᠢᠯᠤᠭᠤᠳᠴᠦ ᠬᠠᠯᠬ᠎ᠠ ᠶᠢᠨ ᠡᠷᠳᠡᠨᠢ ᠵᠤᠤ ᠳᠤ ᠰᠡᠷᠬᠡᠶᠢᠯᠡᠨ ᠰᠠᠬᠢᠵᠦ ᠰᠠᠭᠤᠵᠠᠢ᠃ 1720 ᠤᠨ ᠳᠤ | ᠴᠡᠷᠢᠭ ᠢᠶᠠᠨ ᠲᠠᠭᠠᠭᠤᠯᠵᠦ ᠡᠷᠴᠢᠰ ᠭᠤᠤᠯ ᠢ ᠭᠠᠳᠤᠯᠬᠤ ᠳᠠᠭᠠᠨ ᠪᠤᠭᠤᠷᠤᠯ ᠤᠨ ᠭᠠᠵᠠᠷ ᠠᠴᠠ ᠤᠶᠢᠷᠠᠳ ᠤᠨ | ᠵᠤᠩᠭᠠᠷ ᠤᠨ ᠬᠢᠵᠠᠭᠠᠷ ᠲᠤ ᠤᠷᠤᠭᠠᠳ ᠲᠠᠷᠪᠠᠭᠠᠳᠠᠢ ᠶᠢᠨ ᠵᠡᠬᠦᠨ ᠡᠮᠦᠨᠡᠬᠢ ᠬᠤᠪᠤᠭᠰᠠᠶᠢᠷ ᠤᠨ ᠵᠠᠬ᠎ᠠ ᠳᠤ ᠬᠦᠷᠴᠦ | ᠨᠢᠬᠡᠨ ᠵᠡᠷᠭᠡ ᠪᠠᠶᠢᠯᠳᠤᠭᠠᠳ ᠪᠤᠴᠠᠪᠠ᠃ | ᠨᠠᠶᠢᠷᠠᠯᠳᠤ ᠲᠦᠪ ᠤᠨ ᠶᠢᠰᠦᠳᠦᠬᠡᠷ ᠤᠨ ︵1731︶ ᠤᠨ ᠳᠤ ᠲᠤᠳᠤᠭᠠᠳᠤ ᠵᠠᠰᠠᠭ ᠤᠨ ᠲᠦᠴᠢᠨ | ᠶᠢᠰᠦᠨ ᠬᠤᠰᠢᠭᠤᠨ ᠠᠴᠠ ᠲᠠᠪᠤᠨ ᠮᠢᠩᠭᠠᠨ ᠴᠡᠷᠢᠭ ᠲᠠᠶᠢᠴᠢᠯᠠᠨ ᠰᠦᠨᠢᠳ ᠸᠠᠩ ᠴᠤᠶᠢᠵᠢᠬᠦᠨᠰᠦᠷᠦ᠋ᠡᠭ ᠢᠶᠠᠷ | ᠶᠡᠷᠦᠩᠬᠡᠢ ᠵᠠᠬᠢᠷᠤᠭᠴᠢ ᠨᠤᠶᠠᠨ ᠪᠤᠯᠭᠠᠵᠦ ᠵᠤᠩᠭᠠᠷ ᠵᠦᠭ ᠤᠷᠤᠬᠤ ᠬᠤᠶᠠᠷ ᠵᠠᠮ ᠤᠨ ᠶᠡᠭᠡ ᠴᠡᠷᠢᠭ ᠤᠨ ᠵᠠᠷᠯᠢᠭ ᠤᠨ | ᠵᠠᠬᠢᠶ᠎ᠠ ᠪᠠᠷ ᠰᠢᠯᠵᠢᠬᠦᠯᠦᠨ ᠲᠤᠮᠢᠯᠠᠬᠤ ᠶᠢ ᠲᠠᠭᠠᠬᠤ ᠪᠠᠷ ᠲᠤᠭᠳᠠᠭᠠᠵᠠᠢ᠃ ᠲᠡᠷᠡ ᠵᠢᠯ ᠳᠡᠭᠡᠨ ᠴᠤᠶᠢᠵᠢᠬᠦᠨᠰᠦᠷᠦ᠋ᠡᠭ | ᠴᠡᠷᠢᠭ ᠤᠨ ᠬᠤᠷᠢᠶᠠᠨ ᠳᠤ ᠨᠠᠰᠤ ᠪᠠᠷᠠᠵᠠᠢ᠃ ᠴᠤᠶᠢᠵᠢᠬᠦᠨᠰᠦᠷᠦ᠋ᠡᠭ ᠲᠦᠷᠦ ᠶᠢᠨ ᠵᠠᠰᠠᠭ ᠵᠢᠶᠦ᠋ᠨ ᠸᠠᠩ ᠪᠤᠯᠵᠦ | ᠭᠤᠴᠢᠨ ᠲᠦᠷᠪᠡᠨ ᠵᠢᠯ ᠰᠠᠭᠤᠷᠢᠨ ᠳᠤ ᠰᠠᠭᠤᠵᠦ ᠨᠠᠶᠢᠷᠠᠯᠳᠦ ᠲᠦᠪ ᠤᠨ ᠶᠢᠰᠦᠳᠦᠭᠡᠷ ᠤᠨ ᠳᠤ ᠨᠠᠰᠤᠯᠠᠪᠠ᠃ | ᠴᠤᠶᠢᠵᠢᠬᠦᠨᠰᠦᠷᠦ᠋ᠡᠭ ᠬᠡᠳᠦᠶᠢᠪᠡᠷ ᠭᠤᠴᠢᠭᠠᠳ ᠵᠢᠯ ᠰᠦᠨᠢᠳ ᠵᠡᠬᠦᠨ ᠭᠠᠷᠤᠨ ᠬᠤᠰᠢᠭᠤᠨ ᠤ ᠵᠠᠰᠠᠭ ᠲᠦᠷᠦ ᠶᠢᠨ | ᠵᠢᠶᠦ᠋ᠨ ᠸᠠᠩ ᠰᠠᠭᠤᠭᠰᠠᠨ ᠪᠤᠯᠪᠠᠴᠦ ᠶᠡᠬᠡᠨᠭᠭᠢ ᠴᠠᠭ ᠢᠶᠠᠨ ᠴᠡᠷᠢᠭ ᠲᠠᠶᠢᠨ ᠤ ᠠᠵᠢᠯᠯᠠᠭ᠎ᠠ ᠳᠤ ᠵᠤᠷᠢᠭᠤᠯᠵᠦ | ᠶᠠᠪᠤᠭᠰᠠᠨ ᠬᠦᠮᠦᠨ ᠪᠠᠶᠢᠵᠠᠢ᠃ |