| ᠪᠠ᠊ · ᠪᠢᠯᠢᠭ ᠤᠨ ᠤᠷᠠᠨ ᠪᠥᠲᠥᠭᠡᠯ ᠤᠨ ᠨᠠᠮᠲᠠᠷ | | ᠪᠠ᠊ · ᠪᠢᠯᠢᠭ 1965 ᠤᠨ ᠳᠤ ᠰᠥᠨᠢᠳ ᠵᠡᠭᠦᠨ ᠬᠤᠰᠢᠭᠤᠨ ᠤ ᠤᠤᠯ ᠤᠨ ᠬᠤᠩᠭᠤᠷ ᠰᠤᠮᠤᠨ ᠤ | ᠲᠣᠮᠤᠶᠢᠯᠠᠯᠲᠠ ᠭᠠᠴᠠᠭᠠᠨ ᠤ ᠮᠠᠯᠴᠢᠨ ᠭᠠᠷᠤᠯᠲᠤ ᠪᠠᠭᠠᠲᠤᠷ᠂ ᠭᠤᠩᠭᠤᠷ ᠤᠨ ᠲᠤᠮᠤ ᠬᠥᠤ ᠪᠤᠯᠤᠨ ᠬᠠᠰᠢᠶᠠᠲᠥ | ᠬᠡᠮᠡᠬᠦ ᠭᠠᠵᠠᠷ ᠲᠦᠷᠥᠪᠡ᠃ 1986 —1988 ᠣᠨ ᠳᠤ ᠦᠪᠥᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠤᠷᠠᠨ ᠵᠢᠷᠤᠭ ᠤᠨ ᠰᠠᠯᠪᠤᠷᠢ ᠳᠤ᠂ 1992 —1995 ᠣᠨ ᠳᠤ ᠦᠪᠥᠷ ᠮᠤᠩᠭᠤᠯ ᠤᠨ | ᠰᠤᠷᠭᠠᠨ ᠬᠥᠮᠥᠵᠢᠯ ᠤᠨ ᠳᠡᠭᠡᠳᠥ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠣᠬᠢᠶᠠᠯ ᠤᠨ ᠰᠠᠯᠪᠤᠷᠢ ᠲᠤ | ᠰᠤᠷᠤᠯᠴᠠᠪᠠ᠃ 2005 ᠣᠨ ᠳᠤ ᠥᠪᠥᠷ ᠮᠣᠩᠭᠤᠯ ᠤᠨ ᠤᠷᠠᠨ ᠵᠢᠷᠤᠭᠴᠢᠳ ᠤᠨ ᠡᠪᠯᠡᠯ ᠤᠨ ᠭᠡᠰᠢᠭᠦᠨ ᠢᠶᠠᠷ | ᠡᠯᠰᠡᠭᠳᠡᠪᠡ᠃ 1985 ᠣᠨ ᠠᠴᠠ ᠪᠠᠭᠰᠢ ᠶᠢᠨ ᠠᠯᠪᠠ ᠲᠠᠢ ᠶᠠᠪᠤᠭᠠᠳ ᠦᠨᠦ ᠬᠥᠷᠴᠡᠢ᠃ | 1988 ᠤᠨ ᠠᠴᠠ ᠡᠬᠢᠯᠡᠨ ᠨᠣᠮ ᠬᠡᠪᠯᠡᠯ ᠤᠨ ᠭᠠᠳᠠᠷ ᠤᠷᠠᠯᠠᠯ᠂ ᠴᠢᠮᠡᠭᠯᠡᠯ ᠵᠢᠷᠤᠭ᠂ ᠵᠢᠭᠢᠷᠡᠭ ᠵᠢᠷᠤᠭ᠂ | ᠥᠷᠭᠦᠯᠵᠢᠯᠡᠭᠰᠡᠨ ᠵᠢᠷᠤᠭ ᠪᠣᠯᠣᠨ ᠳᠣᠰᠤᠨ ᠪᠣᠳᠤᠭ ᠤᠨ ᠵᠢᠷᠤᠭ ᠵᠡᠷᠭᠡ ᠤᠷᠠᠯᠢᠭ ᠤᠨ ᠣᠯᠠᠨ ᠲᠦᠷᠥᠯ ᠢᠶᠠᠷ | ᠠᠵᠢᠯᠯᠠᠵᠥ᠂ ︽ᠰᠥᠨᠢᠳ ᠵᠡᠭᠦᠨ ᠬᠤᠰᠢᠭᠤᠨ ᠤ ᠰᠤᠶᠤᠯ ᠲᠡᠥᠬᠡ ᠶᠢᠨ ᠡᠮᠬᠢᠳᠬᠡᠯ︾᠂ ︽ᠲᠠᠷᠬᠠᠨ ᠠᠭᠤᠯᠠ︾᠂ | ︽ᠭᠢᠯᠥᠭᠡᠨ ᠪᠠᠭᠠᠲᠤᠷ ᠤᠨ ᠰᠥᠨᠢᠳ︾᠂ ︽ᠬᠦᠪᠡᠭᠦᠨ ᠬᠤᠩᠭᠤᠷ︾᠂ ︽ᠡᠷᠲᠡᠨ ᠤ ᠪᠠᠭᠠᠲᠤᠷ ᠤᠨ ᠱᠣᠩᠬᠤᠷ︾ | ᠂ ︽ᠤᠨᠤᠭ᠎ᠠ︾᠂ ︽ᠬᠤᠶᠠᠷ ᠵᠠᠭᠠᠯ ᠤᠨ ᠲᠤᠤᠯᠢᠰ︾᠂ ︽ᠰᠢᠭᠦᠳᠡᠷᠢ ᠤᠰᠤᠨ ᠤ ᠠᠮᠲᠠ︾᠂ ︽ᠰᠤᠵᠠᠭ ᠤᠨ | ᠨᠤᠭᠤᠭ᠎ᠠ︾᠂ ︽ᠠᠳᠤᠭᠤᠨ ᠳᠤᠤᠯᠢᠶᠠᠨ︾᠂ ︽ᠮᠥᠩᠬᠡ ᠰᠠᠷᠢᠳᠠᠭ ᠤᠨ ᠡᠬᠡᠰᠢᠭᠯᠡᠩ︾᠂ ︽ᠴᠠᠭ ᠢ ᠡᠵᠡᠯᠡᠩᠬᠡᠨ | ᠲᠦᠷᠥᠭᠰᠡᠨ ᠶᠡᠭᠡ ᠳᠠᠭᠤᠴᠢ︾᠂ ︽ᠤᠩᠭᠤᠨ ᠰᠠᠷᠠᠯ︾ ᠵᠡᠷᠭᠡ 20 ᠭᠠᠷᠤᠢ ᠨᠣᠮ ᠬᠡᠪᠯᠡᠯ ᠤᠨ ᠴᠢᠮᠡᠭᠯᠡᠯ ᠢ ᠬᠢᠵᠡᠢ | ᠃ | 1993 ᠣᠨ ᠠᠴᠠ ᠱᠤᠭ ᠬᠤᠱᠣᠩ ᠵᠢᠷᠤᠭ ᠤᠨ ᠵᠣᠬᠢᠶᠠᠨ ᠪᠥᠲᠥᠭᠡᠯᠲᠡ ᠪᠠᠨ ᠡᠬᠢᠯᠡᠭᠦᠯᠵᠥ᠂ | ᠠᠩᠬᠠᠨ ᠤ ᠪᠥᠲᠥᠭᠡᠯ ᠢᠶᠠᠨ ︽ᠦᠪᠥᠷ ᠮᠣᠩᠭᠤᠯ ᠤᠨ ᠡᠳᠥᠷ ᠤᠨ ᠰᠣᠨᠢᠨ︾ ᠤ ᠬᠢᠲᠠᠳ ᠬᠡᠪᠯᠡᠯ ᠳᠤ | ᠨᠡᠶᠢᠲᠡᠯᠡᠭᠦᠯᠥᠭᠰᠠᠨ ᠠᠴᠠ ᠠᠪᠤᠭᠠᠳ ᠣᠳᠣ ᠪᠣᠯᠲᠠᠯ᠎ᠠ ︽ᠠᠷᠠᠳ ᠤᠨ ᠡᠳᠥᠷ ᠤᠨ ᠰᠤᠨᠢᠨ ᠤ ︵ᠬᠤᠱᠤᠩ ᠶᠥᠮᠤᠷ | ᠰᠤᠨᠢᠨ︶︾᠂ ︽ᠳᠤᠮᠳᠠᠳᠤ ᠤᠯᠤᠰ ᠤᠨ ᠵᠠᠯᠠᠭᠤᠴᠤᠳ︾᠂ ︽ᠳᠤᠮᠳᠠᠳᠤ ᠤᠯᠤᠰ ᠤᠨ ᠱᠤᠭ ᠵᠢᠷᠤᠭ︾᠂ ︽ | ᠱᠤᠭ ᠵᠢᠷᠤᠭ ᠰᠠᠷ᠎ᠠ ᠶᠢᠨ ᠰᠡᠳᠭᠦᠯ︾᠂ ︽ᠶᠥᠮᠦᠷᠯᠢᠭ ᠶᠡᠭᠡ ᠪᠠᠭᠰᠢ︾᠂ ︽ᠦᠪᠥᠷ ᠮᠣᠩᠭᠤᠯ ᠤᠨ | ᠵᠠᠯᠠᠭᠤᠴᠤᠳ︾᠂ ︽ᠰᠢᠯᠢ ᠶᠢᠨ ᠭᠤᠣᠯ︾᠂ ︽ᠴᠣᠮᠤᠷᠯᠢᠭ︾ ᠵᠡᠷᠭᠡ ᠰᠡᠳᠭᠦᠯ ᠪᠣᠯᠣᠨ ︽ᠠᠵᠢᠯᠴᠢᠨ ᠤ | ᠡᠳᠥᠷ ᠤᠨ ᠰᠣᠨᠢᠨ︾᠂ ︽ ᠪᠡᠭᠡᠵᠢᠩ ᠡᠳᠥᠷ ᠤᠨ ᠰᠣᠨᠢᠨ︾᠂ ︽ᠲᠢᠶᠠᠨᠵᠢᠨ ᠡᠳᠥᠷ ᠤᠨ ᠰᠣᠨᠢᠨ︾᠂ ︽ᠰᠢᠩ | ᠶᠢᠨ ᠰᠣᠨᠢᠨ︾᠂ ︽ᠭᠤᠸᠠᠩᠵᠸᠥ ᠡᠳᠥᠷ ᠤᠨ ᠰᠤᠨᠢᠨ︾᠂ ︽ᠭᠥᠢ ᠶᠠᠩ ᠡᠳᠥᠷ ᠤᠨ ᠰᠤᠨᠢᠨ︾᠂ ︽ᠱᠧᠨ | ᠶᠠᠩ ᠡᠳᠥᠷ ᠤᠨ ᠰᠤᠨᠢᠨ︾᠂ ︽ᠦᠪᠥᠷ ᠮᠣᠩᠭᠤᠯ ᠤᠨ ᠡᠳᠥᠷ ᠤᠨ ᠰᠣᠨᠢᠨ︾᠂ ︽ᠰᠢᠯᠢ ᠶᠢᠨ ᠭᠤᠣᠯ ᠤᠨ | ᠡᠳᠥᠷ ᠤᠨ ᠰᠣᠨᠢᠨ︾ ᠵᠡᠷᠭᠡ ᠰᠣᠨᠢᠨ ᠮᠡᠳᠡᠭᠡᠯᠡᠯ ᠳᠡᠭᠡᠷ᠎ᠡ 1000 ᠭᠠᠷᠣᠢ ᠪᠥᠲᠥᠭᠡᠯ ᠢᠶᠠᠨ ᠨᠡᠶᠢᠲᠡᠯᠡᠭᠦᠯᠥᠭᠰᠡᠨ | ᠪᠠᠶᠢᠨ᠎ᠠ᠃ | 1995 ᠣᠨ ᠳᠤ ︽ᠰᠢᠯᠢ ᠶᠢᠨ ᠭᠤᠣᠯ︾ ᠰᠡᠳᠭᠦᠯ ᠠᠩᠬ᠎ᠠ ᠤᠳᠠᠭ᠎ᠠ ᠤᠷᠠᠨ ᠪᠥᠲᠥᠭᠡᠯ ᠤᠨ | ᠲᠠᠨᠢᠯᠴᠠᠭᠤᠯᠭ᠎ᠠ ᠬᠢᠵᠥ᠂ ᠡᠭᠦᠨ ᠤ ᠲᠠᠭᠠᠤ ᠳᠤ ᠦᠪᠦᠷ ᠮᠣᠩᠭᠤᠯ ᠤᠨ ᠲᠧᠯᠸᠢᠰ ᠬᠤᠷᠢᠶ᠎ᠠ᠂ ᠰᠢᠯᠢ ᠶᠢᠨ ᠭᠤᠣᠯ ᠤᠨ | ᠲᠧᠯᠸᠢᠰ ᠬᠤᠷᠢᠶ᠎ᠠ᠂ ᠾᠧᠨ᠋ᠨᠨ ᠤ ︽ᠱᠤᠭ ᠵᠢᠷᠤᠭ ᠰᠠᠷ᠎ᠠ ᠶᠢᠨ ᠰᠡᠳᠭᠦᠯ︾᠂ ︽ᠦᠪᠥᠷ ᠮᠣᠩᠭᠤᠯ ᠤᠨ ᠡᠳᠥᠷ ᠤᠨ | ᠰᠣᠨᠢᠨ︾ ︵ᠮᠣᠩᠭᠤᠯ ᠬᠢᠲᠠᠳ ᠬᠡᠪᠯᠡᠯ︶᠂ ︽ᠰᠢᠯᠢ ᠶᠢᠨ ᠭᠤᠣᠯ ᠤᠨ ᠡᠳᠥᠷ ᠤᠨ ᠰᠣᠨᠢᠨ︾ ︵ᠮᠣᠩᠭᠤᠯ | ᠬᠢᠲᠠᠳ ᠬᠡᠪᠯᠡᠯ︶᠂ ᠲᠥᠪ ᠤᠨ ᠣᠯᠠᠨ ᠤᠯᠤᠰ ᠤᠨ ᠷᠠᠳᠢᠤ᠋ ᠬᠤᠷᠢᠶ᠎ᠠ᠂ ᠦᠪᠦᠷ ᠮᠣᠩᠭᠤᠯ ᠤᠨ ᠷᠠᠳᠢᠤ᠋ ᠬᠤᠷᠢᠶ᠎ᠠ ᠂ | ︽ᠥᠨᠳᠥᠰᠥᠲᠡᠨ ᠤ ᠵᠢᠷᠤᠭᠲᠥ ᠰᠡᠳᠬᠦᠯ︾᠂ ︽ᠰᠤᠯᠤᠩᠭ᠎ᠠ︾ ᠵᠡᠷᠭᠡ ᠬᠡᠪᠯᠡᠯ ᠮᠡᠳᠡᠭᠡᠯᠡᠯ ᠤᠳ ᠤᠳᠠᠭ᠎ᠠ | ᠳᠠᠷᠠᠭᠠᠯᠠᠨ ᠮᠡᠳᠡᠭᠡᠯᠡᠨ ᠰᠤᠷᠲᠠᠯᠴᠢᠯᠠᠵᠥ᠂ ᠮᠦᠨ ᠮᠤᠩᠭᠤᠯ ᠤᠯᠤᠰ ᠤᠨ ︽LEADERS︾ ᠰᠡᠳᠭᠦᠯ᠂ ︽ | ᠤᠯᠠᠭᠠᠨᠪᠠᠭᠠᠲᠤᠷ ᠲᠠᠶᠢᠮᠠᠰ︾ ᠰᠤᠨᠢᠨ᠂ ︽ᠲᠣᠩᠰᠢᠭᠤᠯ︾ ᠰᠡᠳᠭᠦᠯ᠂ ᠰᠧᠷᠪᠢᠶ᠎ᠠ ᠤᠯᠤᠰ ᠤᠨ ︽ᠬᠡᠷᠢᠰ︾ | ᠰᠡᠳᠬᠦᠯ᠂ ︽KIKS︾᠂ ︽ARTJIA︾ ᠰᠡᠳᠬᠦᠯ ᠵᠡᠷᠭᠡ ᠭᠠᠳᠠᠭᠠᠳᠥ ᠶᠢᠨ ᠬᠡᠪᠯᠡᠯ ᠤᠳ ᠤᠷᠠᠨ ᠪᠥᠲᠥᠭᠡᠯ ᠢ | ᠨᠢ ᠨᠡᠶᠢᠲᠡᠯᠡᠵᠥ ᠲᠠᠨᠢᠯᠴᠠᠭᠤᠯᠤᠭᠰᠠᠨ ᠪᠢᠯᠡ᠃ | ᠳᠡᠯᠡᠬᠡᠢ ᠶᠢᠨ ᠪᠤᠯᠤᠨ ᠤᠯᠤᠰ ᠤᠨ ᠤᠷᠤᠯᠳᠤᠭᠠᠨ ᠥᠵᠡᠰᠭᠦᠯᠡᠩ ᠤᠨ ᠭᠤᠤᠯ ᠱᠠᠩᠨᠠᠯ ᠤᠳ᠄ | 1995 ᠤᠨ ᠤ 7 ᠰᠠᠷ᠎ᠠ ᠳᠤ ᠺᠥᠷᠢᠶᠡ ᠶᠢᠨ ᠰᠸᠦ᠋ᠯ ᠬᠤᠲᠠᠨ ᠳᠤ ᠪᠣᠯᠤᠭᠰᠠᠨ ᠲᠠᠪᠤᠳᠤᠭᠠᠷ | ᠬᠤᠭᠤᠴᠠᠭᠠᠨ ᠤ ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠠᠩᠬ᠎ᠠ ᠤᠳᠠᠭ᠎ᠠ ᠣᠷᠣᠯᠴᠠᠵᠥ᠂ 95 | ᠨᠡᠷ᠎ᠡ ᠵᠠᠯᠠᠭᠤ ᠵᠢᠷᠤᠭᠠᠴᠢ ᠳᠤ ᠣᠯᠭᠤᠭᠰᠠᠨ ᠣᠨᠴᠠᠭᠠᠢ ᠢᠷᠠᠭᠤ ᠠᠯᠳᠠᠷ ᠤᠨ ᠥᠨᠡᠮᠯᠡᠬᠦ ᠢ ᠭᠠᠷᠳᠠᠵᠡᠢ᠃ | 1996 ᠤᠨ ᠤ 6 ᠰᠠᠷ᠎ᠠ ᠳᠤ ︽ᠫᠠᠨ ᠢᠥᠢ ᠬᠤᠨᠳᠠᠭᠠᠲᠥ︾ ᠪᠥᠬᠦ ᠤᠯᠤᠰ ᠤᠨ ᠱᠤᠭ ᠵᠢᠷᠤᠭ ᠤᠨ | ᠤᠷᠤᠯᠳᠤᠭᠠᠨ ᠳᠤ ᠬᠤᠶᠠᠳᠤᠭᠠᠷ ᠲᠡᠰ ᠤᠨ ᠱᠠᠩᠨᠠᠯ ᠬᠥᠷᠲᠡᠪᠡ᠃ | 1996 ᠤᠨ ᠤ 7 ᠰᠠᠷ᠎ᠠ ᠳᠤ ︽ᠬᠥᠮᠥᠨ ᠠᠮᠡ ᠲᠦᠷᠥ ᠶᠢᠨ ᠪᠣᠳᠤᠯᠭ᠎ᠠ ᠬᠤᠨᠳᠠᠭᠠᠲᠥ︾ ᠪᠥᠬᠦ | ᠤᠯᠤᠰ ᠤᠨ ᠱᠤᠭ ᠵᠢᠷᠤᠭ ᠤᠨ ᠤᠷᠤᠯᠳᠤᠭᠠᠨ ᠳᠤ ᠰᠢᠯᠢᠳᠡᠭ ᠪᠥᠲᠥᠭᠡᠯ ᠤᠨ ᠱᠠᠩᠨᠠᠯ ᠬᠥᠷᠲᠡᠪᠡ᠃ | 1997 ᠣᠨ ᠤ 9 ᠰᠠᠷ᠎ᠠ ᠳᠤ ᠶᠠᠫᠤᠨ ᠤ ᠳᠣᠯᠤᠳᠤᠭᠠᠷ ᠬᠤᠭᠤᠴᠠᠭᠠᠨ ᠤ Okhotsk ᠣᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2001 ᠣᠨ ᠤ 7 ᠰᠠᠷ᠎ᠠ ᠳᠤ ᠲᠠᠶᠢᠸᠠᠨ ᠤ ᠭᠤᠷᠪᠠᠳᠤᠭᠠᠷ ᠬᠤᠭᠤᠴᠠᠭᠠᠨ ᠤ COURAGE | WORLD ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠣᠨᠴᠠᠭᠠᠢ ᠱᠠᠩᠨᠠᠯ ᠬᠥᠷᠲᠡᠪᠡ᠃ | 2002 ᠣᠨ ᠤ 9 ᠰᠠᠷ᠎ᠠ ᠳᠤ ᠷᠤᠮᠠᠨᠢᠶ᠎ᠠ ᠶᠢᠨ HumoDAEVA ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | 2002 ᠣᠨ ᠤ 10 ᠰᠠᠷ᠎ᠠ ᠳᠤ ᠺᠥᠷᠢᠶᠡ ᠶᠢᠨ ᠠᠷᠪᠠᠨ ᠨᠢᠭᠡᠳᠥᠭᠡᠷ ᠬᠤᠭᠤᠴᠠᠭᠠᠨ ᠤ | DAEJEON ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | 2002 ᠣᠨ ᠤ 10 ᠰᠠᠷ᠎ᠠ ᠳᠤ FCW ᠶᠢᠨ ᠣᠯᠠᠨ ᠤᠯᠤᠰ ᠤᠨ ᠱᠤᠭ ᠵᠢᠷᠤᠭ ᠤᠨ | ᠥᠵᠡᠰᠭᠦᠯᠡᠩ ᠳᠤ ᠬᠥᠷᠡᠯ ᠮᠧᠲ᠋ᠠᠯ ᠤᠨ ᠱᠠᠩᠨᠠᠯ ᠬᠥᠷᠲᠡᠪᠡ᠃ | 2003 ᠣᠨ ᠤ 10 ᠰᠠᠷ᠎ᠠ ᠳᠤ ︽ ᠶᠢᠨ ᠰᠥᠩ︾ ᠣᠯᠠᠨ ᠤᠯᠤᠰ ᠤᠨ ᠱᠤᠭ ᠵᠢᠷᠤᠭ ᠤᠨ | ᠥᠵᠡᠰᠭᠦᠯᠡᠩ ᠳᠤ ᠰᠢᠯᠢᠳᠡᠭ ᠪᠥᠲᠥᠭᠡᠯ ᠤᠨ ᠱᠠᠩᠨᠠᠯ ᠬᠥᠷᠲᠡᠪᠡ᠃ | 2003 ᠣᠨ ᠤ 10 ᠰᠠᠷ᠎ᠠ ᠳᠤ ᠳᠤᠮᠳᠠᠳᠤ ᠤᠯᠤᠰ ᠤᠨ ᠵᠢᠶᠡ ᠰᠢᠨ ᠬᠤᠲᠠᠨ ᠳᠤ ᠪᠣᠯᠤᠭᠰᠠᠨ ᠣᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | 2003 ᠣᠨ ᠤ 12 ᠰᠠᠷ᠎ᠠ ᠳᠤ ︽ ᠱᠤᠭ ᠵᠢᠷᠤᠭ ᠤᠨ ᠸᠠᠩ ᠬᠤᠨᠳᠠᠭᠠᠲᠥ︾ ᠪᠥᠬᠦ ᠤᠯᠤᠰ ᠤᠨ | ᠶᠥᠮᠤᠷ ᠵᠢᠷᠤᠭ ᠤᠨ ᠤᠷᠤᠯᠳᠤᠭᠠᠨ ᠳᠤ ᠰᠢᠯᠢᠳᠡᠭ ᠱᠠᠩᠨᠠᠯ ᠬᠥᠷᠲᠡᠪᠡ᠃ | 2004 ᠣᠨ ᠤ 1 ᠰᠠᠷ᠎ᠠ ᠳᠤ ᠭᠤᠸᠠᠩᠳᠥᠩ ᠮᠤᠵᠢ ᠳᠤ ᠶᠠᠪᠤᠭᠳᠠᠭᠰᠠᠨ ︽ ᠭᠥ᠋ ᠭᠥ᠋ ᠾᠦᠢ ᠬᠤᠨᠳᠠᠭᠠᠲᠥ | ︾ ᠪᠥᠬᠦ ᠤᠯᠤᠰ ᠤᠨ ᠱᠤᠭ ᠵᠢᠷᠤᠭ ᠤᠨ ᠤᠷᠤᠯᠳᠤᠭᠠᠨ ᠳᠤ ᠲᠡᠷᠢᠭᠦᠨ ᠱᠠᠩᠨᠠᠯ ᠬᠥᠷᠲᠡᠪᠡ᠃ | 2004 ᠣᠨ ᠤ 7 ᠰᠠᠷ᠎ᠠ ᠳᠤ LM ᠣᠯᠠᠨ ᠤᠯᠤᠰ ᠤᠨ ᠱᠤᠭ ᠵᠢᠷᠤᠭ ᠤᠨ ᠤᠷᠢᠯᠭ᠎ᠠ ᠶᠢᠨ | ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | 2004 ᠣᠨ ᠤ 10 ᠰᠠᠷ᠎ᠠ ᠳᠤ ᠪᠡᠭᠡᠵᠢᠩ ᠤᠨ IACC ᠣᠯᠠᠨ ᠤᠯᠤᠰ ᠤᠨ ᠱᠤᠭ ᠵᠢᠷᠤᠭ ᠤᠨ | ᠥᠵᠡᠰᠭᠦᠯᠡᠩ ᠳᠤ ᠣᠨᠴᠠᠭᠠᠢ ᠱᠠᠩᠨᠠᠯ ᠬᠥᠷᠲᠡᠪᠡ᠃ | 2004 ᠣᠨ ᠤ 12 ᠰᠠᠷ᠎ᠠ ᠳᠤ ︽ ᠱᠤᠭ ᠵᠢᠷᠤᠭ ᠤᠨ ᠸᠠᠩ ᠬᠤᠨᠳᠠᠭᠠᠲᠥ︾ ᠪᠥᠬᠦ ᠤᠯᠤᠰ ᠤᠨ | ᠶᠥᠮᠤᠷ ᠵᠢᠷᠤᠭ ᠤᠨ ᠤᠷᠤᠯᠳᠤᠭᠠᠨ ᠳᠤ ᠰᠢᠯᠢᠳᠡᠭ ᠱᠠᠩᠨᠠᠯ ᠬᠥᠷᠲᠡᠪᠡ᠃ | 2004 ᠣᠨ ᠤ 12 ᠰᠠᠷ᠎ᠠ ᠳᠤ ︽ᠢᠳᠡᠭᠡᠨ ᠤ ᠰᠢᠨᠵᠢᠯᠡᠬᠦ ᠤᠬᠠᠭᠠᠨ ᠬᠤᠨᠳᠠᠭᠠᠲᠥ︾ ᠣᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠭᠤᠷᠪᠠᠳᠤᠭᠠᠷ ᠲᠡᠰ ᠤᠨ ᠱᠠᠩᠨᠠᠯ ᠬᠥᠷᠲᠡᠪᠡ᠃ | 2005 ᠣᠨ ᠤ 10 ᠰᠠᠷ᠎ᠠ ᠳᠤ ᠺᠥᠷᠢᠶᠡ ᠶᠢᠨ ᠠᠷᠪᠠᠨ ᠳᠦᠷᠪᠡᠳᠦᠭᠡᠷ ᠬᠤᠭᠤᠴᠠᠭᠠᠨ ᠤ | DAEJEON ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | 2006 ᠣᠨ ᠤ 4 ᠰᠠᠷ᠎ᠠ ᠳᠤ ᠰᠢᠷᠢᠶ᠎ᠠ ᠶᠢᠨ ᠬᠤᠶᠠᠳᠤᠭᠠᠷ ᠬᠤᠭᠤᠴᠠᠭᠠᠨ ᠤ ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2006 ᠤᠨ ᠤ 4 ᠰᠠᠷ᠎ᠠ ᠳᠤ ᠲᠥᠷᠺ ᠶᠢᠨ ᠠᠷᠪᠠᠨ ᠬᠤᠶᠠᠳᠤᠭᠠᠷ ᠬᠤᠭᠤᠴᠠᠭᠠᠨ ᠤ ANKARA | ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2006 ᠣᠨ ᠤ 6 ᠰᠠᠷ᠎ᠠ ᠳᠤ ᠬᠤᠶᠠᠳᠤᠭᠠᠷ ᠬᠤᠭᠤᠴᠠᠭᠠᠨ ᠤ CCTV ᠪᠥᠬᠦ ᠤᠯᠤᠰ ᠤᠨ ︽ᠣᠷᠴᠢᠨ | ᠠᠬᠤᠢ︾ ᠰᠡᠳᠥᠪᠲᠥ ᠱᠤᠭ ᠵᠢᠷᠤᠭ ᠤᠨ ᠤᠷᠤᠯᠳᠤᠭᠠᠨ ᠳᠤ ᠭᠤᠷᠪᠠᠳᠤᠭᠠᠷ ᠲᠡᠰ ᠤᠨ ᠱᠠᠩᠨᠠᠯ ᠬᠥᠷᠲᠡᠪᠡ᠃ | 2006 ᠣᠨ ᠤ 9 ᠰᠠᠷ᠎ᠠ ᠳᠤ ᠢᠷᠠᠨ ᠤ ᠲᠦᠷᠪᠡᠳᠥᠭᠡᠷ ᠬᠤᠭᠤᠴᠠᠭᠠᠨ ᠤ TABRIZ ᠣᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠭᠥᠷᠲᠡᠪᠡ᠃ | 2007 ᠣᠨ ᠤ 4 ᠰᠠᠷ᠎ᠠ ᠳᠤ ᠲᠠᠪᠤᠳᠤᠭᠠᠷ ᠬᠤᠭᠤᠴᠠᠭᠠᠨ ᠤ LM ᠣᠯᠠᠨ ᠤᠯᠤᠰ ᠤᠨ ᠱᠤᠭ | ᠵᠢᠷᠤᠭ ᠤᠨ ᠤᠷᠢᠯᠭ᠎ᠠ ᠶᠢᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2007 ᠤᠨ ᠤ 4 ᠰᠠᠷ᠎ᠠ ᠳᠤ ᠰᠢᠷᠢᠶ᠎ᠠ ᠶᠢᠨ ᠭᠤᠷᠪᠠᠳᠤᠭᠠᠷ ᠬᠤᠭᠤᠴᠠᠭᠠᠨ ᠤ ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2007 ᠣᠨ ᠤ 8 ᠰᠠᠷ᠎ᠠ ᠳᠤ ᠲᠥᠷᠺ ᠶᠢᠨ ᠠᠩᠬᠠᠳᠤᠭᠠᠷ ᠬᠤᠭᠤᠴᠠᠭᠠᠨ ᠤ Bursa Cartoon | biennial ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2007 ᠣᠨ ᠤ 8 ᠰᠠᠷ᠎ᠠ ᠳᠤ ᠲᠠᠪᠤᠳᠤᠭᠠᠷ ᠬᠤᠭᠤᠴᠠᠭᠠᠨ ᠤ FCW ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠠᠮᠵᠢᠯᠲᠠ ᠶᠢᠨ ᠱᠠᠩᠨᠠᠯ ᠬᠥᠷᠲᠡᠪᠡ᠃ | 2007 ᠣᠨ ᠤ 9 ᠰᠠᠷ᠎ᠠ ᠳᠤ ︽2007 ᠠᠽᠢᠶ᠎ᠠ ᠶᠢᠨ ᠵᠠᠯᠠᠭᠤᠴᠤᠳ ᠤᠨ ᠱᠤᠭ ᠵᠢᠷᠤᠭ ᠤᠨ | ᠤᠷᠤᠯᠳᠤᠭᠠᠨ︾ ᠳᠤ ᠨᠡᠷ᠎ᠡ ᠳᠤᠳᠤᠷᠠᠭᠰᠠᠨ ᠱᠠᠩᠨᠠᠯ ᠬᠥᠷᠲᠡᠪᠡ᠃ | 2007 ᠣᠨ ᠤ 11 ᠰᠠᠷ᠎ᠠ ᠶᠢᠨ 20 ᠳᠤ ᠠᠷᠬᠧᠨ᠋ᠲ᠋ᠢᠡ ᠤᠯᠤᠰ ᠲᠤ ᠶᠠᠪᠤᠭᠳᠠᠭᠰᠠᠨ ︽ᠵᠠᠮ | ᠬᠠᠷᠢᠯᠴᠠᠭᠠᠨ︾ ᠤ ᠰᠡᠳᠥᠪᠲᠥ ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠠᠮᠵᠢᠯᠲᠠ ᠶᠢᠨ ᠱᠠᠩᠨᠠᠯ | ᠬᠥᠷᠲᠡᠪᠡ᠃ | 2007 ᠣᠨ ᠤ 12 ᠰᠠᠷ᠎ᠠ ᠳᠤ ᠵᠢᠷᠭᠤᠳᠤᠭᠠᠷ ᠬᠤᠭᠤᠴᠠᠭᠠᠨ ᠤ FCW ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2008 ᠤᠨ ᠤ 1 ᠰᠠᠷ᠎ᠠ ᠳᠤ ᠢᠷᠠᠨ ᠤᠯᠤᠰ ᠤᠨ ᠱᠤᠭ ᠵᠢᠷᠤᠭ ᠤᠨ ᠰᠥᠯᠵᠢᠶᠡᠨ ᠤ ᠠᠩᠬᠠᠳᠤᠭᠠᠷ | ᠤᠳᠠᠭᠠᠨ ᠤ ︽ᠲᠡᠨᠥᠭᠦᠯ ᠬᠡᠤᠬᠡᠳ︾ ᠰᠡᠳᠥᠪᠲᠥ ᠣᠯᠠᠨ ᠤᠯᠤᠰ ᠤᠨ ᠱᠤᠭ ᠵᠢᠷᠤᠭ ᠤᠨ ᠰᠥᠯᠵᠢᠶᠡᠨ ᠤ | ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2008 ᠤᠨ ᠤ 3 ᠰᠠᠷ᠎ᠠ ᠳᠤ ᠵᠢᠷᠭᠤᠳᠤᠭᠠᠷ ᠬᠤᠭᠤᠴᠠᠭᠠᠨ ᠤ LM ᠣᠯᠠᠨ ᠤᠯᠤᠰ ᠤᠨ ᠱᠤᠭ | ᠵᠢᠷᠤᠭ ᠤᠨ ᠤᠷᠢᠯᠭ᠎ᠠ ᠶᠢᠨ ᠥᠵᠡᠰᠭᠦᠯᠡᠩ ᠳᠤ ᠠᠯᠲᠠᠨ ᠮᠧᠲ᠋ᠠᠯ ᠤᠨ ᠱᠠᠩᠨᠠᠯ ᠬᠥᠷᠲᠡᠪᠡ᠃ | 2008 ᠤᠨ ᠤ 4 ᠰᠠᠷ᠎ᠠ ᠳᠤ ᠲᠥᠷᠺ ᠶᠢᠨ ᠠᠷᠪᠠᠨ ᠳᠦᠷᠪᠡᠳᠥᠭᠡᠷ ᠬᠤᠭᠤᠴᠠᠭᠠᠨ ᠤ ANKARA | ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2008 ᠤᠨ ᠤ 4 ᠰᠠᠷ᠎ᠠ ᠳᠤ ᠰᠢᠷᠢᠶ᠎ᠠ ᠶᠢᠨ ᠳᠦᠷᠪᠡᠳᠥᠭᠡᠷ ᠬᠤᠭᠤᠴᠠᠭᠠᠨ ᠤ ᠣᠯᠠᠨ ᠤᠯᠤᠰ ᠤᠨ ᠱᠤᠭ | ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2008 ᠤᠨ ᠤ 6 ᠰᠠᠷ᠎ᠠ ᠳᠤ ᠢᠲᠨᠯᠶ ᠶᠢᠨ ᠠᠷᠪᠠᠨ ᠶᠢᠰᠥᠳᠥᠭᠡᠷ ᠬᠤᠭᠤᠴᠠᠭᠠᠨ ᠤ ᠣᠯᠠᠨ ᠤᠯᠤᠰ ᠤᠨ | ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2008 ᠤᠨ ᠤ 9 ᠰᠠᠷ᠎ᠠ ᠳᠤ ᠳᠤᠮᠳᠠᠳᠤ ᠤᠯᠤᠰ ᠤᠨ ᠵᠢᠶᠠ ᠰᠢᠩ ᠬᠤᠲᠠᠨ ᠪᠤᠯᠤᠭᠰᠠᠨ ᠳᠦᠷᠪᠡᠳᠥᠭᠡᠷ | ᠬᠤᠭᠤᠴᠠᠭᠠᠨ ᠤ ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠬᠥᠷᠲᠡᠪᠡ᠃ | | 2009 ᠤᠨ ᠤ 1 ᠰᠠᠷ᠎ᠠ ᠳᠤ ᠰᠢᠷᠢᠶ᠎ᠠ ᠶᠢᠨ ᠱᠤᠭ ᠵᠢᠷᠤᠭ ᠤᠨ ᠰᠥᠯᠵᠢᠶᠡᠨ ᠠᠴᠠ ᠡᠷᠬᠢᠯᠡᠭᠰᠡᠨ ᠤᠯᠠᠨ | ᠣᠯᠣᠰ ᠤᠨ ᠥᠵᠡᠰᠭᠦᠯᠡᠩ ᠳᠤ ᠬᠤᠶᠠᠳᠤᠭᠠᠷ ᠱᠠᠩᠨᠠᠯ ᠬᠦᠷᠲᠡᠪᠡ᠃ | 2009 ᠤᠨ ᠤ 3 ᠰᠠᠷ᠎ᠠ ᠳᠤ ᠥᠺᠷᠠᠶᠢᠨ ᠤ ᠨᠠᠢᠮᠠᠳᠤᠭᠠᠷ ᠬᠤᠭᠤᠴᠠᠭᠠᠨ ᠤ ︽ᠭᠤᠭᠤᠯ ᠤᠨ ᠳᠡᠯᠡᠬᠡᠢ︾ | ᠤᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠭᠤᠷᠪᠠᠳᠤᠭᠠᠷ ᠱᠠᠩᠨᠠᠯ ᠬᠥᠷᠲᠡᠪᠡ᠃ | 2009 ᠤᠨ ᠤ 6 ᠰᠠᠷ᠎ᠠ ᠳᠤ ᠪᠷᠠᠽᠢᠯ ᠤᠨ ᠬᠤᠶᠠᠳᠤᠭᠠᠷ ᠤᠳᠠᠭᠠᠨ ᠤ ︽ᠤᠷᠴᠢᠨ ᠪᠠᠶᠢᠭᠠᠯᠢ — | ᠬᠤᠲᠠ ᠶᠢᠨ ᠪᠤᠬᠢᠷᠳᠠᠯ︾ ᠰᠡᠳᠥᠪᠲᠥ ᠤᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ | ᠠᠯᠳᠠᠷ ᠤᠨ ᠱᠠᠩᠨᠠᠯ ᠬᠥᠷᠲᠡᠪᠡ᠃ | 2009 ᠤᠨ ᠤ 8 ᠰᠠᠷ᠎ᠠ ᠳᠤ ᠢᠲᠨᠯᠶ ᠶᠢᠨ ᠠᠷᠪᠠᠨ ᠬᠤᠶᠠᠳᠤᠭᠠᠷ ᠬᠤᠭᠤᠴᠠᠭᠠᠨ ᠤ GRAPHIC | ᠤᠯᠠᠨ ᠣᠯᠣᠰ ᠤᠨ ᠥᠵᠡᠰᠭᠦᠯᠡᠩ ᠳᠤ ᠭᠤᠷᠪᠠᠳᠤᠭᠠᠷ ᠱᠠᠩᠨᠠᠯ ᠬᠦᠷᠲᠡᠪᠡ᠃ | 2009 ᠣᠨ ᠤ 8 ᠰᠠᠷ᠎ᠠ ᠳᠤ ︽2009 ᠠᠽᠢᠶ᠎ᠠ ᠶᠢᠨ ᠵᠠᠯᠠᠭᠤᠴᠤᠳ ᠤᠨ ᠱᠤᠭ ᠵᠢᠷᠤᠭ ᠤᠨ | ᠤᠷᠤᠯᠳᠤᠭᠠᠨ︾ ᠳᠤ ᠨᠡᠷ᠎ᠡ ᠲᠤᠳᠤᠷᠠᠭᠰᠠᠨ ᠱᠠᠩᠨᠠᠯ ᠬᠥᠷᠲᠡᠪᠡ᠃ | 2009 ᠣᠨ ᠤ 8 ᠰᠠᠷ᠎ᠠ ᠳᠤ ᠺᠥᠷᠢᠶᠡ ᠶᠢᠨ ᠠᠷᠪᠠᠨ ᠨᠠᠢᠮᠠᠳᠤᠭᠠᠷ ᠬᠤᠭᠤᠴᠠᠭᠠᠨ ᠤ | DAEJEON ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠭᠥᠷᠲᠡᠪᠡ᠃ | 2009 ᠤᠨ ᠤ 11 ᠰᠠᠷ᠎ᠠ ᠳᠤ ᠪᠧᠯᠭᠢ ᠶᠢᠨ ᠬᠤᠷᠢᠨ ᠨᠢᠭᠡᠳᠥᠭᠡᠷ ᠤᠳᠠᠭᠠᠨ ᠤ Olen ︽ ᠬᠠᠭᠤᠴᠢ | ᠰᠤᠳᠤᠯᠤᠯ︾ ᠰᠡᠳᠥᠪᠲᠥ ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠨᠢᠭᠡᠳᠥᠭᠡᠷ ᠱᠠᠩᠨᠠᠯ ᠭᠥᠷᠲᠡᠪᠡ | ᠃ | 2010 ᠤᠨ ᠤ 3 ᠰᠠᠷ᠎ᠠ ᠳᠤ ᠰᠧᠯᠥᠸᠠᠺ ᠤᠨ ᠠᠷᠪᠠᠨ ᠵᠢᠷᠭᠤᠳᠤᠭᠠᠷ ᠬᠤᠭᠤᠴᠠᠭᠠᠨ ᠤ ᠤᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠤᠨ ᠢᠷᠠᠭᠤ ᠠᠯᠳᠠᠷ ᠤᠨ ᠱᠠᠩᠨᠠᠯ ᠬᠥᠷᠲᠡᠪᠡ᠃ | 2010 ᠤᠨ ᠤ 5 ᠰᠠᠷ᠎ᠠ ᠳᠤ ᠨᠡᠢᠮᠡᠳᠤᠭᠠᠷ ᠬᠤᠭᠤᠴᠠᠭᠠᠨ ᠤ ︽ᠽᠢ ᠺᠠᠢ ᠬᠤᠨᠳᠠᠭᠠᠲᠥ︾ ᠳᠤᠮᠳᠠᠳᠤ | ᠤᠯᠤᠰ ᠤᠨ ᠱᠤᠭ ᠵᠢᠷᠤᠭ ᠤᠨ ᠥᠵᠡᠰᠭᠦᠯᠡᠩ ᠤᠨ ︽ᠠᠯᠲᠠᠨ ᠪᠡᠴᠢᠨ ᠱᠠᠩᠨᠠᠯ︾ ᠢ ᠬᠥᠷᠲᠡᠪᠡ᠃ | 2010 ᠣᠨ ᠤ 8 ᠰᠠᠷ᠎ᠠ ᠳᠤ ᠺᠥᠷᠢᠶᠡ ᠶᠢᠨ ᠠᠷᠪᠠᠨ ᠶᠢᠰᠥᠳᠥᠭᠡᠷ ᠬᠤᠭᠤᠴᠠᠭᠠᠨ ᠤ DAEJEON | ᠣᠯᠠᠨ ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠰᠢᠯᠢᠳᠡᠭ ᠱᠠᠩᠨᠠᠯ ᠭᠥᠷᠲᠡᠪᠡ᠃ | 2010 ᠤᠨ ᠤ 8 ᠰᠠᠷ᠎ᠠ ᠳᠤ ᠭᠤᠷᠪᠠᠳᠤᠭᠠᠷ ᠤᠳᠠᠭᠠᠨ ᠤ ︽ᠤᠯᠠᠭᠠᠨ ᠬᠥᠮᠥᠨ ᠱᠠᠩᠨᠠᠯ︾ ᠣᠯᠠᠨ | ᠤᠯᠤᠰ ᠤᠨ ᠱᠤᠭ ᠵᠢᠷᠤᠭ ᠤᠨ ᠥᠵᠡᠰᠭᠦᠯᠡᠩ ᠳᠤ ᠢᠷᠠᠭᠤ ᠠᠯᠳᠠᠷ ᠤᠨ ᠱᠠᠩᠨᠠᠯ ᠬᠥᠷᠲᠡᠪᠡ᠃ | 2010 ᠤᠨ ᠤ 11 ᠰᠠᠷ᠎ᠠ ᠳᠤ ᠳᠦᠷᠪᠡᠳᠥᠭᠡᠷ ᠬᠤᠭᠤᠴᠠᠭᠠᠨ ᠤ ᠳᠤᠮᠳᠠᠳᠤ ᠤᠯᠤᠰ · ᠭᠤᠸᠠᠩᠰᠢ ᠶᠢᠨ | ᠬᠤᠲᠠ ᠶᠢᠨ ᠠᠵᠢᠯ ᠮᠡᠷᠭᠡᠵᠢᠯ ᠤᠨ ᠳᠡᠭᠡᠳᠥ ᠰᠤᠷᠭᠠᠭᠤᠯᠢ ᠶᠢᠨ ᠤᠯᠠᠨ ᠤᠯᠤᠰ ᠤᠨ ᠱᠤᠭ ᠵᠢᠷᠤᠭ ᠤᠨ | ᠥᠵᠡᠰᠭᠦᠯᠡᠩ ᠤᠨ ᠠᠯᠲᠠᠨ ᠮᠧᠲ᠋ᠠᠯ ᠤᠨ ᠱᠠᠩᠨᠠᠯ ᠬᠥᠷᠲᠡᠪᠡ᠃ | 2010 ᠤᠨ ᠤ 11 ᠰᠠᠷ᠎ᠠ ᠳᠤ ᠪᠷᠠᠽᠢᠯ ᠤᠨ BHHumor ᠤᠯᠠᠨ ᠤᠯᠤᠰ ᠤᠨ ᠱᠤᠭ ᠵᠢᠷᠤᠭ ᠤᠨ | ᠥᠵᠡᠰᠭᠦᠯᠡᠩ ᠤᠨ ᠭᠤᠷᠪᠠᠳᠤᠭᠠᠷ ᠳᠡᠰ ᠤᠨ ᠱᠠᠩᠨᠠᠯ ᠬᠥᠷᠲᠡᠪᠡ᠃ | ᠡᠭᠦᠨ ᠠᠴᠠ ᠭᠠᠳᠠᠨ᠎ᠠ᠂ ᠲᠡᠭᠦᠨ ᠤ ᠤᠷᠠᠨ ᠪᠦᠲᠦᠭᠡᠯ ᠨᠢ ᠠᠷᠬᠧᠨ᠋ᠲ᠋ᠢᠡ᠂ ᠠᠮᠧᠷᠢᠺᠡ᠂ ᠠᠽᠧᠷᠪᠠᠶᠢᠵᠠᠨ᠂ | ᠡᠨᠡᠳᠬᠡᠭ᠂ ᠢᠰᠧᠷᠡᠯ᠂ ᠢᠷᠠᠨ᠂ ᠢᠰᠫᠠᠨᠢ᠂ ᠢᠲᠨᠯᠶ᠂ ᠣᠷᠣᠰ᠂ ᠥᠺᠷᠠᠶᠢᠨ᠂ ᠹᠷᠠᠨᠽᠢ᠂ ᠪᠷᠠᠽᠢᠯ᠂ ᠪᠧᠯᠭᠢ᠂ | ᠪᠤᠯᠭᠠᠷᠢᠶ᠎ᠠ᠂ ᠫᠧᠷᠥ᠋᠂ ᠫᠤᠷᠲ᠋ᠦ᠋ᠭᠠᠯ᠂ ᠫᠤᠯᠠᠨᠳ᠋᠂ ᠭᠷᠧᠭ᠂ ᠭᠧᠷᠮᠠᠨ᠂ ᠮᠠᠺᠳᠤᠨᠢᠶᠠ᠂ ᠮᠧᠺᠰᠢᠺᠦ᠂ ᠰᠠᠶᠢᠫᠷᠦ᠋ᠰ᠂ | ᠰᠧᠷᠪᠢᠶ᠎ᠠ᠂ ᠰᠸᠧᠳᠧᠨ᠂ ᠰᠧᠯᠥᠸᠠᠺ᠂ ᠰᠢᠷᠢᠶ᠎ᠠ᠂ ᠳᠤᠮᠳᠠᠳᠤ ᠤᠯᠤᠰ᠂ ᠲᠠᠶᠢᠸᠠᠨ᠂ ᠲᠥᠷᠺ ᠂ ᠴᠧᠺ ᠂ ᠶᠠᠫᠤᠨ᠂ | ᠷᠤᠮᠠᠨᠢᠶ᠎ᠠ᠂ ᠺᠧᠨᠢᠶ᠋ᠨ᠂ ᠭᠷᠦ᠋ᠲ᠋ᠢᠶᠠ᠂ ᠺᠥᠷᠢᠶ᠋ᠨ ᠵᠡᠷᠭᠡ ᠳᠡᠯᠡᠬᠡᠢ ᠶᠢᠨ 35 ᠤᠯᠤᠰ ᠣᠷᠣᠨ ᠨᠤᠭᠤᠳ ᠲᠤ ᠪᠣᠯᠳᠠᠭ | ᠥᠵᠡᠰᠭᠦᠯᠡᠩ ᠤᠷᠤᠯᠳᠤᠭᠠᠨ ᠳᠤ ᠤᠳᠠᠭ᠎ᠠ ᠳᠠᠷᠠᠭᠠᠯᠠᠨ ᠣᠷᠤᠯᠴᠠᠵᠥ᠂ ᠪᠤᠰᠤᠳ ᠱᠠᠩᠨᠠᠯ ᠤᠳ ᠢ 100 ᠭᠠᠷᠤᠢ | ᠤᠳᠠᠭ᠎ᠠ ᠬᠥᠷᠲᠡᠭᠰᠡᠨ ᠪᠠᠶᠢᠨ᠎ᠠ᠃ | ᠲᠡᠷᠨ ᠪᠠᠷ ᠣᠳᠣ ᠰᠥᠨᠢᠳ ᠵᠡᠭᠦᠨ ᠬᠤᠰᠢᠭᠤᠨ ᠤ ᠶᠡᠷᠥᠩᠬᠡᠶᠢᠯᠡᠭᠰᠡᠨ ᠳᠡᠭᠡᠳᠥ ᠵᠡᠷᠭᠡ ᠶᠢᠨ ᠳᠤᠮᠳᠠᠳᠥ | ᠰᠤᠷᠭᠠᠭᠤᠯᠢ ᠳᠤ ᠤᠷᠠᠨ ᠵᠢᠷᠤᠭ ᠤᠨ ᠨᠢᠭᠡᠳᠥᠭᠡᠷ ᠲᠡᠰ ᠤᠨ ᠪᠠᠭᠰᠢ ᠪᠠᠷ ᠠᠵᠢᠯᠯᠠᠵᠥ ᠂ 2005 ᠤᠨ ᠤ 9 | ᠰᠠᠷ᠎ᠠ ᠶᠢᠨ10 ᠳᠤ ᠰᠢᠯᠢ ᠶᠢᠨ ᠭᠤᠣᠯ ᠠᠶᠢᠮᠠᠭ ᠤᠨ ᠰᠢᠯᠢᠳᠡᠭ ᠪᠠᠭᠰᠢ ᠪᠠᠷ ᠥᠨᠡᠯᠡᠭᠳᠡᠪᠡ᠃ 2007 ᠤᠨ ᠤ | 12 ᠰᠠᠷ᠎ᠠ ᠳᠤ ᠰᠥᠨᠢᠳ ᠵᠡᠭᠦᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ︽ᠰᠥᠨᠢᠳ | ᠰᠤᠶᠤᠯ ᠤᠨ ᠪᠠᠶᠢᠭᠤᠯᠤᠯᠲᠠ ᠶᠢᠨ ᠭᠠᠷᠮᠠᠭᠠᠢ ᠵᠢᠳᠭᠦᠯᠲᠡᠨ︾ ᠢᠶᠠᠷ ᠥᠨᠡᠯᠡᠭᠳᠡᠪᠡ᠃ 2008 ᠤᠨ ᠳᠤ ᠰᠢᠯᠢ ᠶᠢᠨ | ᠭᠤᠤᠯ ᠠᠶᠢᠮᠠᠭ ᠤᠨ ᠰᠢᠯᠢᠳᠡᠭ ᠤᠷᠠᠯᠢᠭᠴᠢᠨ ᠪᠠᠷ ᠥᠨᠡᠯᠡᠭᠳᠡᠪᠡ᠃ | 2006 ᠣᠨ ᠤ 9 ᠰᠠᠷ᠎ᠠ ᠳᠤ ᠮᠣᠩᠭᠤᠯ ᠤᠯᠤᠰ ᠤᠨ ᠤᠷᠠᠴᠤᠳ ᠤᠨ ᠡᠪᠯᠡᠯ ᠤᠨ ᠤᠷᠢᠯᠭ᠎ᠠ ᠪᠠᠷ | ᠤᠯᠠᠭᠠᠨᠪᠠᠭᠠᠳᠤᠷ ᠬᠤᠲᠠᠨ᠎ᠠ ᠪᠡᠶ᠎ᠡ ᠳᠠᠭᠠᠭᠠᠭᠰᠠᠨ ᠱᠤᠭ ᠵᠢᠷᠤᠭ ᠤᠨ ᠥᠵᠡᠰᠭᠦᠯᠡᠩ ᠢᠶᠠᠨ ᠬᠢᠵᠤ᠂ ︽ᠦᠪᠦᠷ | ᠮᠤᠩᠭᠤᠯ ᠤᠨ ᠱᠤᠭ ᠵᠢᠷᠤᠭ ᠤᠨ ᠦᠨᠳᠦᠷ ᠲᠥᠪᠰᠢᠨ ᠢ ᠬᠠᠷᠠᠭᠤᠯᠤᠭᠰᠠᠨ᠂ ᠰᠡᠳᠬᠢᠯᠭᠡᠨ ᠤ ᠱᠤᠭ ᠵᠢᠷᠤᠭ︾ ᠬᠡᠮᠡᠨ | ᠦᠨᠳᠦᠷ ᠥᠨᠡᠯᠡᠭᠳᠡᠭᠰᠡᠨ ᠪᠢᠯᠨ᠃ | ᠲᠡᠭᠦᠨ ᠤ 300 ᠭᠠᠷᠤᠢ ᠵᠢᠷᠤᠭ ᠪᠥᠲᠥᠭᠡᠯ ᠨᠢ ᠳᠤᠮᠳᠠᠳᠤ ᠤᠯᠤᠰ ᠤᠨ ᠰᠣᠨᠢᠨ ᠮᠡᠳᠡᠭᠡᠨ ᠤ ᠱᠤᠭ | ᠵᠢᠷᠤᠭ ᠤᠨ ᠰᠥᠯᠵᠢᠶ᠎ᠡ᠂ ᠴᠢᠯᠥᠭᠡᠲᠥ ᠱᠤᠭ ᠵᠢᠷᠤᠭ ᠤᠨ ᠬᠤᠯᠪᠤᠭᠠᠨ ᠤ ᠰᠥᠯᠵᠢᠶ᠎ᠡ᠂ ᠳᠤᠮᠳᠠᠳᠤ ᠣᠯᠣᠰ ᠤᠨ | ᠲᠥᠷᠰᠥᠯᠡᠬᠦ ᠤᠷᠠᠯᠢᠭ ᠤᠨ ᠰᠥᠯᠵᠢᠶ᠎ᠡ᠂ ᠳᠤᠮᠳᠠᠳᠤ ᠣᠯᠣᠰ ᠤᠨ ᠱᠤᠭ ᠵᠢᠷᠤᠭ ᠤᠨ ᠮᠡᠳᠡᠭᠡ ᠰᠣᠯᠢᠯᠴᠠᠭᠠᠨ ᠤ | ᠰᠥᠯᠵᠢᠶ᠎ᠡ᠂ ᠳᠡᠯᠡᠬᠡᠢ ᠶᠢᠨ ᠱᠤᠭ ᠵᠢᠷᠤᠭ ᠤᠨ ᠰᠥᠯᠵᠢᠶ᠎ᠡ᠂ ᠮᠣᠩᠭᠤᠯ ᠰᠤᠶᠤᠯ ᠤᠨ ᠰᠥᠯᠵᠢᠶ᠎ᠡ᠂ ᠢᠷᠠᠨ᠂ ᠲᠥᠷᠺ᠂ | ᠭᠧᠷᠮᠠᠨ᠂ ᠢᠲ᠋ᠠᠯᠢ᠂ ᠪᠷᠠᠽᠢᠯ᠂ ᠪᠧᠯᠭᠢ᠂ ᠰᠢᠷᠢᠶ᠎ᠠ ᠵᠡᠷᠭᠡ ᠤᠷᠤᠨ ᠤᠯᠤᠰ ᠤᠨ ᠲᠣᠲᠤᠭᠠᠳᠤ ᠭᠠᠳᠠᠭᠠᠳᠤ ᠶᠢᠨ | ᠢᠨᠲ᠋ᠧᠷ ᠰᠥᠯᠵᠢᠶᠡᠨ ᠳᠤ ᠣᠷᠤᠭᠰᠠᠨ ᠪᠠᠶᠢᠨ᠎ᠠ᠃ ᠡᠳᠥᠭᠡ ᠲᠡᠭᠦᠨ ᠤ ᠰᠢᠯᠢᠳᠡᠭ ᠱᠤᠭ ᠵᠢᠷᠤᠭ ᠤᠳ ᠨᠢ ᠠᠩᠭ᠍ᠯᠢ | ᠬᠡᠯᠡᠨ ᠤ ᠳᠡᠯᠡᠬᠡᠢ ᠶᠢᠨ ᠰᠢᠯᠢᠳᠡᠭ ᠱᠤᠭ ᠵᠢᠷᠤᠭᠠᠴᠢᠳ ᠤᠨ Googlm ᠰᠥᠯᠵᠢᠶᠡᠨ ᠳᠤ ᠳᠡᠯᠭᠡᠭᠳᠡᠵᠥ ᠪᠤᠢ᠃ | ᠲᠡᠷᠨ ᠪᠠᠷ 2008 ᠤᠨ ᠠᠴᠠ ︽ᠫᠠᠸ᠋ᠯᠲ᠋ᠤᠨ ᠵᠤᠬᠢᠶᠠᠯ ᠤᠨ ᠰᠤᠩᠭᠤᠮᠠᠯ︾᠂ ︽ᠤᠯᠠᠨ ᠲᠥᠮᠡᠨ ᠤ | ᠰᠤᠶᠤᠯ ᠱᠥᠭᠦᠮᠡᠭ︾᠂ ︽ᠨᠤᠮ ᠪᠢᠴᠢᠭ ᠤᠨ ᠱᠥᠭᠦᠮᠡᠭ︾ ᠵᠡᠷᠭᠡ ᠬᠢᠲᠠᠳ ᠬᠡᠪᠯᠡᠯ ᠤᠳ ᠲᠤ 100 ᠭᠠᠷᠤᠢ | ᠬᠤᠱᠤᠩ ᠶᠥᠮᠦᠷᠯᠢᠭ ᠵᠢᠭᠢᠷᠡᠭ ᠵᠢᠷᠤᠭ ᠢ ᠪᠥᠲᠥᠭᠡᠵᠥ᠂ FCW ᠰᠥᠯᠵᠢᠶᠡᠨ ᠠᠴᠠ 2007᠂ 2008᠂ | 2009 ᠤᠨ ᠤ ᠳᠡᠯᠡᠬᠡᠢ ᠤᠨ ᠱᠤᠭ ᠵᠢᠷᠤᠭ ᠤᠨ ᠲᠡᠮᠡᠴᠡᠭᠡᠨ ᠤ ᠳᠤᠮᠳᠠᠳᠤ ᠤᠯᠤᠰ ᠤᠨ ᠠᠷᠪᠠᠨ ᠰᠢᠯᠢᠳᠡᠭ | ᠵᠢᠷᠤᠭᠴᠢᠨ ᠤ ᠨᠢᠭᠡ ᠪᠠᠷ ᠥᠨᠡᠯᠡᠭᠳᠡᠵᠡᠢ᠃ | | | |